Монгол Улсын Их Хурал
ТӨРИЙН
МЭДЭЭЛЭЛ
(ХУУЛЬ, ТОГТООЛ, ЗАРЛИГ)
№ 2
(1298)
— 153 —

Зөрчлийн тухай хуульд нэмэлт, өөрчлөлт оруулах тухай

2023 оны 12 дугаар Улаанбаатар

сарын 07-ны өдөр хот

ЗӨРЧЛИЙН ТУХАЙ ХУУЛЬД НЭМЭЛТ,
ӨӨРЧЛӨЛТ ОРУУЛАХ ТУХАЙ

1 дүгээр зүйл.Зөрчлийн тухай хуульд доор дурдсан агуулгатай

дараах зүйл, хэсэг, заалт нэмсүгэй:

1/3.3 дугаар зүйлийн 1.2 дахь заалт:

“1.2.нийтэд тустай ажил хийлгэх;”

2/3.4 дүгээр зүйлийн 8, 9 дэх хэсэг:

“8.Зөрчил үйлдсэн хүн, хуулийн этгээд Замын хөдөлгөөний

аюулгүй байдлын тухай хууль, түүнд нийцүүлэн гаргасан захиргааны хэм хэмжээний акт зөрчсөнтэй холбогдуулан эрх бүхий этгээдээс оногдуулсан торгох шийтгэлийг хуульд заасан хугацаанд биелүүлээгүй бол тээврийн хэрэгсэл жолоодох эрхийн үнэмлэх авах, сунгах, ангилал нэмэх, өөрчлөх, нөхөн авах, тээврийн хэрэгслийн эзэмшлийн шилжилт хөдөлгөөн хийх эрхийг хязгаарлана. Хүн, хуулийн этгээд эрх бүхий этгээдээс оногдуулсан торгох шийтгэлийг энэ хуулийн 3.5 дугаар зүйлийн 4 дэх хэсэгт заасан хугацаанд биелүүлээгүй бол цагдаагийн алба хаагч тээврийн хэрэгслийн хөдөлгөөнийг торгох шийтгэлийг биелүүлж дуусах хүртэл хугацаанд хязгаарлана. Энэ тохиолдолд тээврийн хэрэгслийг хуульд заасан журмын дагуу тусгай талбайд хүргэх, эсхүл холбогдох хууль тогтоомжид заасан бусад аргаар хөдөлгөөнийг нь хязгаарлана.

9.Энэ зүйлийн 8 дахь хэсэгт заасан эрхийг хязгаарлах, эрх бүхий

албан тушаалтан, шүүх болон эрх бүхий байгууллага хооронд мэдээлэл солилцох журмыг Улсын ерөнхий прокурор, хууль зүйн асуудал эрхэлсэн Засгийн газрын гишүүн хамтран батална.”

3/3.5, 3.6 дугаар зүйл:

“3.5 дугаар зүйл.Торгох шийтгэлийн хэмжээг хөнгөрүүлэх,

нэмэгдүүлэх үндэслэл

1.Зөрчил үйлдсэн хүн, хуулийн этгээд нь эрх бүхий албан

тушаалтан, шүүхээс оногдуулсан торгох шийтгэлийг хуулиар тогтоосон хугацаанд биелүүлэх бол шийтгэлийн хэмжээг 50 хувиар хөнгөрүүлнэ.

МОНГОЛ УЛСЫН ХУУЛЬ

2.Энэ зүйлийн 1 дэх хэсэгт заасан шийтгэлийн хэмжээг

хөнгөрүүлсэн нь зөрчил үйлдсэн хүн, хуулийн этгээдэд албадлагын арга хэмжээ авахгүй байх үндэслэл болохгүй.

3.Энэ зүйлийн 1 дэх хэсэгт заасны дагуу шийтгэлийн хэмжээг

хөнгөрүүлэх үндэслэл энэ хуулийн 5.2, 5.3, 5.4, 5.5, 5.6, 5.7, 5.8, 5.10, 5.11, 5.12, 5.13, 5.14, 5.15, 5.18, 5.20, 6.4, 6.5, 6.6, 6.7, 6.8, 6.10, 6.11, 6.12, 6.14, 6.15, 6.17, 6.18, 6.20, 6.22, 6.23, 6.26, 6.27 дугаар зүйл, Долдугаар бүлэг, 8.1, 8.6, 8.7, 8.8, 8.9, 9.7, 10.3, 10.7, 10.15, 10.25 дугаар зүйл, Арван нэгдүгээр бүлэг, 12.1, 12.2, 12.3, 12.4, 12.5, 12.6, 12.8, 12.9, 12.10, 12.11, 13.1, 13.2, 13.4, 13.5, 13.6, 14.1, 14.2, 14.3, 14.4, 14.5, 14.6, 14.8, 14.9, 14.10, 14.11, 14.12, 14.13 дугаар зүйл, Арван тав, Арван зургадугаар бүлэг, 17.1 дүгээр зүйлд заасан зөрчил үйлдсэн хүн, хуулийн этгээдэд хамаарахгүй.

4.Эрх бүхий албан тушаалтнаас оногдуулсан торгох шийтгэлийг

энэ хуульд заасан хугацаанд биелүүлээгүй бол шийтгэлийн хэмжээг 50 хүртэл хувиар нэмэгдүүлнэ.

5.Энэ зүйлийн 4 дэх хэсэгт заасны дагуу торгох шийтгэлийг

нэмэгдүүлж тооцох хугацаа, аргачлалыг Улсын ерөнхий прокурор, хууль зүйн асуудал эрхэлсэн Засгийн газрын гишүүн хамтран батална.

6.Шүүх, эрх бүхий албан тушаалтан торгох шийтгэлийг нэг жил

хүртэл хугацаанд хэсэгчлэн төлүүлэхээр шийдвэрлэсэн бол энэ зүйлийн 1, 4 дэх хэсэг хамаарахгүй.

3.6.Нийтэд тустай ажил хийлгэх шийтгэл

1.Зөрчил үйлдсэн хүн энэ хуулийн 3.5 дугаар зүйлийн 4 дэх хэсэгт

заасны дагуу торгох шийтгэлийг биелүүлээгүй бол шүүхээс тогтоосон нийтийн ашиг сонирхолд тустай ажлыг цалин хөлс олгохгүйгээр хийлгэхийг нийтэд тустай ажил хийлгэх шийтгэл гэнэ.

2.Шүүх нийтэд тустай ажил хийлгэх шийтгэлийг өдөрт наймаас

дээшгүй цагаар, нийт хоёр зуун дөчөөс долоон зуун хорин цагаар тогтооно.

3.Энэ хуулийн 3.5 дугаар зүйлийн 4 дэх хэсэгт заасан торгох

шийтгэлийг биелүүлээгүй бол торгох шийтгэлийн арван таван нэгжийг найман цагийн нийтэд тустай ажил хийлгэх шийтгэлээр тооцож солино.

4.Нийтэд тустай ажил хийлгэх шийтгэлийг хөдөлмөрийн чадвараа

бүрэн алдсан хүнд, биеийн эрүүл мэндэд шууд нөлөөлөхүйц нийтэд тустай ажил хийлгэх шийтгэлийг жирэмсэн эмэгтэй, тавин таваас дээш насны эмэгтэй, жараас дээш насны эрэгтэй хүнд оногдуулахгүй.”

2 дугаар зүйл.Зөрчлийн тухай хуулийн 3.3 дугаар зүйлийн 2 дахь

хэсгийн “үндсэн,” гэсний дараа “нийтэд тустай ажил хийлгэх,” гэж нэмсүгэй.

3 дугаар зүйл.Зөрчлийн тухай хуулийн 14.7 дугаар зүйлийн 5

дахь хэсгийг доор дурдсанаар өөрчлөн найруулсугай: “5.Жолооч:

5.1.согтуурсан, мансуурсан үедээ тээврийн хэрэгсэл

жолоодсон;

5.2.тээврийн хэрэгсэл жолоодох эрхгүй, эсхүл жолоодох

эрх нь дуусгавар болсон хүн согтуурсан, мансуурсан үедээ тээврийн хэрэгсэл жолоодсон;

5.3.согтуурсан, мансуурсан эсэхийг зохих журмын дагуу

шалгуулахаас зайлсхийсэн бол тээврийн хэрэгсэл жолоодох эрхийг нэг жилийн хугацаагаар хасаж дөрвөн зуун нэгжтэй тэнцэх хэмжээний төгрөгөөр торгох, эсхүл долоогоос гуч хоногийн хугацаагаар баривчлах шийтгэл оногдуулна.”

4 дүгээр зүйл.Зөрчлийн тухай хуулийн 3.3 дугаар зүйлийн 1.2,

1.3 дахь заалтын дугаарыг “1.3, 1.4” гэж, 3.5, 3.6, 3.7, 3.8 дугаар зүйлийн дугаарыг “3.7, 3.8, 3.9, 3.10” гэж, 14.7 дугаар зүйлийн 1 дэх хэсгийн “хоёр зуун” гэснийг “дөрвөн зуун” гэж тус тус өөрчилсүгэй.

5 дугаар зүйл.Зөрчлийн тухай хуулийн 14.7 дугаар зүйлийн 3

дахь хэсгийг хүчингүй болсонд тооцсугай.

6 дугаар зүйл.Энэ хуулийг 2023 оны 12 дугаар сарын 07-ны өдөр

баталсан Эрүүгийн хуульд нэмэлт, өөрчлөлт оруулах тухай хууль хүчин төгөлдөр болсон өдрөөс эхлэн дагаж мөрдөнө.

МОНГОЛ УЛСЫН ИХ ХУРЛЫН ДАРГА Г.ЗАНДАНШАТАР

Moehgo& Folo_ oa HeolI

᠒᠐᠒᠓ ᠣᠨ ᠤ᠋ ᠑᠒ ᠳ᠋ᠤᠭᠡᠷ ᠰᠠᠷ ᠠ ᠶ᠋ᠢᠨ ᠐᠗᠆ ᠤ᠋ ᠡᠳᠦᠷ ᠤᠯᠠᠭᠠᠨᠪᠠᠭᠠᠲᠤᠷ ᠬᠣᠲᠠ

ᠵᠥᠷᠢᠴᠡᠯ ᠦ᠋ᠨ ᠲᠤᠬᠠᠢ ᠬᠠᠤᠯᠢ ᠳ᠋ᠤ ᠨᠡᠮᠡᠯᠲᠡ᠂

ᠥᢉᠡᠷᠡᠴᠢᠯᠡᠯᠲᠡ ᠣᠷᠤᠭᠤᠯᠬᠤ ᠲᠤᠬᠠᠢ

᠑ ᠳ᠋ᠦᢉᠡᠷ ᠵᠦᠶᠢᠯ᠃ᠵᠥᠷᠢᠴᠡᠯ ᠦ᠋ᠨ ᠲᠤᠬᠠᠢ ᠬᠠᠤᠯᠢ ᠳ᠋ᠤ ᠳᠣᠣᠷ ᠠ ᠳᠤᠷᠠᠳᠤᠭᠰᠠᠨ ᠠᠭᠤᠯᠭ ᠠ ᠲᠠᠢ ᠳᠠᠷᠠᠭᠠᢈᠢ ᠵᠦᠢᠯ᠂ ᢈᠡᠰᠡᢉ᠂ ᠵᠢᠭᠠᠯᠲᠠ ᠨᠡᠮᠡᠰᠦᢉᠡᠢ:

᠑/᠓᠂᠓ ᠳ᠋ᠤᠭᠠᠷ ᠵᠦᠶᠢᠯ ᠦ᠋ᠨ ᠑᠂᠒ ᠳ᠋ᠠᢈᠢ ᠵᠢᠭᠠᠯᠲᠠ:

« ᠑᠂᠒᠂ᠨᠡᠶᠢᠲᠡ ᠳ᠋ᠦ ᠲᠤᠰᠠ ᠲᠠᠢ ᠠᠵᠢᠯ ᢈᠢᠯᢉᠡᢈᠦ;»

᠒/᠓᠂᠔ ᠳ᠋ᠦᢉᠡᠷ ᠵᠦᠶᠢᠯ ᠦ᠋ᠨ ᠘᠂ ᠙ ᠳ᠋ᠡᢈᠢ ᢈᠡᠰᠡᢉ:

« ᠘᠂ᠵᠥᠷᠢᠴᠡᠯ ᠦᠢᠯᠡᠳᠦᢉᠰᠡᠨ ᢈᠥᠮᠦᠨ᠂ ᠬᠠᠤᠯᠢ ᠶ᠋ᠢᠨ ᠡᠲᠡᢉᠡᠳ ᠵᠠᠮ ᠤ᠋ᠨ ᢈᠥᠳᠡᠯᢉᠡᢉᠡᠨ ᠦ᠋ ᠠᠶᠤᠯ ᠦᢉᠡᠢ ᠪᠠᠶᠢᠳᠠᠯ ᠤ᠋ᠨ ᠲᠤᠬᠠᠢ ᠬᠠᠤᠯᠢ᠂ ᠲᠡᢉᠦᠨ ᠳ᠋ᠦ ᠨᠡᠶᠢᠴᠡᢉᠦᠯᠦᠨ

ᠭᠠᠷᠭᠠᠭᠰᠠᠨ ᠵᠠᢈᠢᠷᠭᠠᠨ ᠤ᠋ ᢈᠡᠮ ᢈᠡᠮᠵᠢᠶᠡᠨ ᠦ᠋ ᠠᠻᠲ ᠵᠥᠷᠢᠴᠡᢉᠰᠡᠨ ᠲᠡᠢ ᠬᠣᠯᠪᠦᠭᠳᠠᠭᠤᠯᠤᠨ ᠡᠷᢈᠡ ᠪᠦᢈᠦᠢ ᠡᠲᠡᢉᠡᠳ ᠡᠴᠡ ᠣᠨᠤᠭᠳᠠᠭᠤᠯᠤᠭᠰᠠᠨ ᠲᠣᠷᠭᠠᠬᠤ ᠰᠢᠳᢈᠡᠯ ᠢ᠋ ᠬᠠᠤᠯᠢ ᠳ᠋ᠤ

ᠵᠢᠭᠠᠭᠰᠠᠨ ᠬᠤᠭᠤᠴᠠᠭᠠᠨ ᠳ᠋ᠤ ᠪᠠᠶᠡᠯᠡᢉᠦᠯᠦᢉᠡ ᠦᢉᠡᠢ ᠪᠦᠯ ᠲᠡᢉᠡᢉᠡᠪᠦᠷᠢ ᠶ᠋ᠢᠨ ᢈᠡᠷᠡᢉᠰᠡᠯ ᠵᠢᠯᠤᠭᠤᠳᠬᠤ ᠡᠷᢈᠡ ᠶ᠋ᠢᠨ ᠦᠨᠡᠮᠯᠡᢈᠦ ᠠᠪᠬᠤ᠂ ᠰᠤᠩᠭᠠᠬᠤ᠂ ᠠᠩᢉᠢᠯᠠᠯ ᠨᠡᠮᠡᢈᠦ᠂

ᠥᢉᠡᠷᠡᠴᠢᠯᠡᢈᠦ᠂ ᠨᠥᢈᠦᠨ ᠠᠪᠬᠤ᠂ ᠲᠡᢉᠡᢉᠡᠪᠦᠷᠢ ᠶ᠋ᠢᠨ ᢈᠡᠷᠡᢉᠰᠡᠯ ᠦ᠋ᠨ ᠡᠵᠡᠮᠰᠢᠯ ᠦ᠋ᠨ ᠰᠢᠯᠵᠢᠯᠲᠡ ᢈᠥᠳᠡᠯᢉᠡᢉᠡᠨ ᢈᠢᢈᠦ ᠡᠷᢈᠡ ᠶ᠋ᠢ ᢈᠢᠵᠠᠭᠠᠷᠯᠠᠨ ᠠ᠃ ᢈᠥᠮᠦᠨ᠂ ᠬᠠᠤᠯᠢ ᠶ᠋ᠢᠨ ᠡᠲᠡᢉᠡᠳ

ᠡᠷᢈᠡ ᠪᠦᢈᠦᠢ ᠡᠲᠡᢉᠡᠳ ᠡᠴᠡ ᠣᠨᠤᠭᠳᠠᠭᠤᠯᠤᠭᠰᠠᠨ ᠲᠣᠷᠭᠠᠬᠤ ᠰᠢᠳᢈᠡᠯ ᠢ᠋ ᠡᠨᠡ ᠬᠠᠤᠯᠢ ᠶ᠋ᠢᠨ ᠓᠂᠕ ᠳ᠋ᠤᠭᠠᠷ ᠵᠦᠶᠢᠯ ᠦ᠋ᠨ ᠔ ᠳ᠋ᠡᢈᠢ ᢈᠡᠰᠡᢉ ᠲᠦ ᠵᠢᠭᠠᠭᠰᠠᠨ ᠬᠤᠭᠤᠴᠠᠭᠠᠨ ᠳ᠋ᠤ

ᠪᠠᠶᠡᠯᠡᢉᠦᠯᠦᢉᠡ ᠦᢉᠡᠢ ᠪᠦᠯ ᠴᠠᠭᠳᠠᠭ ᠠ ᠶ᠋ᠢᠨ ᠠᠯᠪᠠ ᠬᠠᠭᠠᠭᠴᠢ ᠲᠡᢉᠡᢉᠡᠪᠦᠷᠢ ᠶ᠋ᠢᠨ ᢈᠡᠷᠡᢉᠰᠡᠯ ᠦ᠋ᠨ ᢈᠥᠳᠡᠯᢉᠡᢉᠡᠨ ᠢ᠋ ᠲᠣᠷᠭᠠᠬᠤ ᠰᠢᠳᢈᠡᠯ ᠢ᠋ ᠪᠠᠶᠡᠯᠡᢉᠦᠯᠵᠦ ᠳᠠᠭᠤᠰᠬᠤ ᢈᠥᠷᠲᠡᠯ ᠡ

ᠬᠤᠭᠤᠴᠠᠭᠠᠨ ᠳ᠋ᠤ ᢈᠢᠵᠠᠭᠠᠷᠯᠠᠨ ᠠ᠃ ᠡᠨᠡ ᠲᠣᢈᠢᠶᠠᠯᠳᠤᠯ ᠳ᠋ᠤ ᠲᠡᢉᠡᢉᠡᠪᠦᠷᠢ ᠶ᠋ᠢᠨ ᢈᠡᠷᠡᢉᠰᠡᠯ ᠢ᠋ ᠬᠠᠤᠯᠢ ᠳ᠋ᠤ ᠵᠢᠭᠠᠭᠰᠠᠨ ᠵᠢᠷᠤᠮ ᠤ᠋ᠨ ᠳᠠᠭᠠᠭᠤ ᠲᠤᠰᠬᠠᠢ ᠲᠠᠯᠠᠪᠠᠢ ᠳ᠋ᠤ ᢈᠥᠷᢈᠡᢈᠦ᠂

ᠡᠰᠡᢈᠦᠯ ᠡ ᠬᠣᠯᠪᠦᠭᠳᠠᠬᠤ ᠬᠠᠤᠯᠢ ᠲᠣᠭᠲᠠᠭᠠᠮᠵᠢ ᠳ᠋ᠤ ᠵᠢᠭᠠᠭᠰᠠᠨ ᠪᠦᠰᠤᠳ ᠠᠷᠭ ᠠ ᠪᠠᠷ ᢈᠥᠳᠡᠯᢉᠡᢉᠡᠨ ᠢ᠋ ᠨᠢ ᢈᠢᠵᠠᠭᠠᠷᠯᠠᠨ ᠠ᠃

᠙᠂ᠡᠨᠡ ᠵᠦᠢᠯ ᠦ᠋ᠨ ᠘ ᠳ᠋ᠠᢈᠢ ᢈᠡᠰᠡᢉ ᠲᠦ ᠵᠢᠭᠠᠭᠰᠠᠨ ᠡᠷᢈᠡ ᠶ᠋ᠢ ᢈᠢᠵᠠᠭᠠᠷᠯᠠᠬᠤ᠂ ᠡᠷᢈᠡ ᠪᠦᢈᠦᠢ ᠠᠯᠪᠠᠨ ᠲᠤᠰᠢᠶᠠᠯᠲᠠᠨ᠂ ᠰᠢᢉᠦᢈᠦ ᠪᠦᠯᠤᠨ ᠡᠷᢈᠡ ᠪᠦᢈᠦᠢ ᠪᠠᠶᠢᠭᠤᠯᠤᠯᠭ ᠠ

ᠬᠣᠭᠤᠷᠤᠨᠳᠤ ᠮᠡᠳᠡᢉᠡᠯᠡᠯ ᠰᠣᠯᠢᠯᠴᠠᠬᠤ ᠵᠢᠷᠤᠮ ᠢ᠋ ᠤᠯᠤᠰ ᠤ᠋ᠨ ᠶᠡᠷᠦᠩᢈᠡᠢ ᠫᠷᠤᠻᠦ᠋ᠷᠤᠷ᠂ ᠬᠠᠤᠯᠢ ᠵᠦᠢ ᠶ᠋ᠢᠨ ᠠᠰᠠᠭᠤᠳᠠᠯ ᠡᠷᢈᠢᠯᠡᢉᠰᠡᠨ ᠵᠠᠰᠠᠭ ᠤ᠋ᠨ ᠭᠠᠵᠠᠷ ᠤ᠋ᠨ ᢉᠡᠰᠢᢉᠦᠨ ᠬᠠᠮᠲᠤᠷᠠᠨ

ᠪᠠᠲᠤᠯᠠᠨ ᠠ᠃»

᠓/᠓᠂᠕᠂ ᠓᠂᠖ ᠳ᠋ᠤᠭᠠᠷ ᠵᠦᠶᠢᠯ:

« ᠓᠂᠕ ᠳ᠋ᠤᠭᠠᠷ ᠵᠦᠶᠢᠯ᠃ᠲᠣᠷᠭᠠᠬᠤ ᠰᠢᠳᢈᠡᠯ ᠦ᠋ᠨ ᢈᠡᠮᠵᠢᠶ ᠡ ᠶ᠋ᠢ ᢈᠥᠩᢉᠡᠷᠡᢉᠦᠯᢈᠦ᠂ᠨᠡᠮᠡᢉᠳᠡᢉᠦᠯᢈᠦ ᠦᠨᠳᠦᠰᠦᠯᠡᠯ

᠑᠂ᠵᠥᠷᠢᠴᠡᠯ ᠦᠢᠯᠡᠳᠦᢉᠰᠡᠨ ᢈᠥᠮᠦᠨ᠂ ᠬᠠᠤᠯᠢ ᠶ᠋ᠢᠨ ᠡᠲᠡᢉᠡᠳ ᠨᠢ ᠡᠷᢈᠡ ᠪᠦᢈᠦᠢ ᠠᠯᠪᠠᠨ ᠲᠤᠰᠢᠶᠠᠯᠲᠠᠨ᠂ ᠰᠢᢉᠦᢈᠦ ᠡᠴᠡ ᠣᠨᠤᠭᠳᠠᠭᠤᠯᠤᠭᠰᠠᠨ ᠲᠣᠷᠭᠠᠬᠤ ᠰᠢᠳᢈᠡᠯ ᠢ᠋

ᠬᠠᠤᠯᠢ ᠪᠠᠷ ᠲᠣᠭᠲᠠᠭᠠᠭᠰᠠᠨ ᠬᠤᠭᠤᠴᠠᠭᠠᠨ ᠳ᠋ᠤ ᠪᠠᠶᠡᠯᠡᢉᠦᠯᢈᠦ ᠪᠦᠯ ᠰᠢᠳᢈᠡᠯ ᠦ᠋ᠨ ᢈᠡᠮᠵᠢᠶ ᠡ ᠶ᠋ᠢ ᠕᠐ ᠬᠤᠪᠢ ᠪᠠᠷ ᢈᠥᠩᢉᠡᠷᠡᢉᠦᠯᠦᠨ ᠡ᠃

᠒᠂ᠡᠨᠡ ᠵᠦᠢᠯ ᠦ᠋ᠨ ᠑ ᠳ᠋ᠡᢈᠢ ᢈᠡᠰᠡᢉ ᠲᠦ ᠵᠢᠭᠠᠭᠰᠠᠨ ᠰᠢᠳᢈᠡᠯ ᠦ᠋ᠨ ᢈᠡᠮᠵᠢᠶ ᠡ ᠶ᠋ᠢ ᢈᠥᠩᢉᠡᠷᠡᢉᠦᠯᠦᢉᠰᠡᠨ ᠨᠢ ᠵᠥᠷᠢᠴᠡᠯ ᠦᠢᠯᠡᠳᠦᢉᠰᠡᠨ ᢈᠥᠮᠦᠨ᠂ ᠬᠠᠤᠯᠢ ᠶ᠋ᠢᠨ

ᠡᠲᠡᢉᠡᠳ ᠲᠦ ᠠᠯᠪᠠᠳᠠᠯᠭ ᠠ ᠶ᠋ᠢᠨ ᠠᠷᠭ ᠠ ᢈᠡᠮᠵᠢᠶ ᠡ ᠠᠪᠬᠤ ᠦᢉᠡᠢ ᠪᠠᠶᠢᠬᠤ ᠦᠨᠳᠦᠰᠦᠯᠡᠯ ᠪᠦᠯᠬᠤ ᠦᢉᠡᠢ᠃

᠓᠂ᠡᠨᠡ ᠵᠦᠢᠯ ᠦ᠋ᠨ ᠑ ᠳ᠋ᠡᢈᠢ ᢈᠡᠰᠡᢉ ᠲᠦ ᠵᠢᠭᠠᠭᠰᠠᠨ ᠤ᠋ ᠳᠠᠭᠠᠭᠤ ᠰᠢᠳᢈᠡᠯ ᠦ᠋ᠨ ᢈᠡᠮᠵᠢᠶ ᠡ ᠶ᠋ᠢ ᢈᠥᠩᢉᠡᠷᠡᢉᠦᠯᢈᠦ ᠦᠨᠳᠦᠰᠦᠯᠡᠯ ᠡᠨᠡ ᠬᠠᠤᠯᠢ ᠶ᠋ᠢᠨ ᠕᠂᠒᠂ ᠕᠂᠓᠂ ᠕᠂᠔᠂

᠕᠂᠕᠂ ᠕᠂᠖᠂ ᠕᠂᠗᠂ ᠕᠂᠘᠂ ᠕᠂᠑᠐᠂ ᠕᠂᠑᠑᠂ ᠕᠂᠑᠒᠂ ᠕᠂᠑᠓᠂ ᠕᠂᠑᠔᠂ ᠕᠂᠑᠕᠂ ᠕᠂᠑᠘᠂ ᠕᠂᠒᠐᠂ ᠖᠂᠔᠂ ᠖᠂᠕᠂ ᠖᠂᠖᠂ ᠖᠂᠗᠂ ᠖᠂᠘᠂ ᠖᠂᠑᠐᠂ ᠖᠂᠑᠑᠂ ᠖᠂᠑᠒᠂ ᠖᠂᠑᠔᠂

᠖᠂᠑᠕᠂ ᠖᠂᠑᠗᠂ ᠖᠂᠑᠘᠂ ᠖᠂᠒᠐᠂ ᠖᠂᠒᠒᠂ ᠖᠂᠒᠓᠂ ᠖᠂᠒᠖᠂ ᠖᠂᠒᠗ ᠳ᠋ᠤᠭᠠᠷ ᠵᠦᠶᠢᠯ᠂ ᠳᠣᠯᠤᠳᠤᠭᠠᠷ ᠪᠦᠯᠦᢉ᠂ ᠘᠂᠑᠂ ᠘᠂᠖᠂ ᠘᠂᠗᠂ ᠘᠂᠘᠂ ᠘᠂᠙᠂ ᠙᠂᠗᠂ ᠑᠐᠂᠓᠂ ᠑᠐᠂᠗᠂

᠑᠐᠂᠑᠕᠂ ᠑᠐᠂᠒᠕ ᠳ᠋ᠤᠭᠠᠷ ᠵᠦᠢᠯ᠂ ᠠᠷᠪᠠᠨ ᠨᠢᢉᠡᠳᠦᢉᠡᠷ ᠪᠦᠯᠦᢉ᠂ ᠑᠒᠂᠑᠂ ᠑᠒᠂᠒᠂ ᠑᠒᠂᠓᠂ ᠑᠒᠂᠔᠂ ᠑᠒᠂᠕᠂ ᠑᠒᠂᠖᠂ ᠑᠒᠂᠘᠂ ᠑᠒᠂᠙᠂ ᠑᠒᠂᠑᠐᠂ ᠑᠒᠂᠑᠑᠂ ᠑᠓᠂᠑᠂ ᠑᠓᠂᠒᠂

᠑᠓᠂᠔᠂ ᠑᠓᠂᠕᠂ ᠑᠓᠂᠖᠂ ᠑᠔᠂᠑᠂ ᠑᠔᠂᠒᠂ ᠑᠔᠂᠓᠂ ᠑᠔᠂᠔᠂ ᠑᠔᠂᠕᠂ ᠑᠔᠂᠖᠂᠑᠔᠂᠘᠂ ᠑᠔᠂᠙᠂ ᠑᠔᠂᠑᠐᠂ ᠑᠔᠂᠑᠑᠂ ᠑᠔᠂᠑᠒᠂ ᠑᠔᠂᠑᠓ ᠳ᠋ᠤᠭᠠᠷ ᠵᠦᠢᠯ᠂ ᠠᠷᠪᠠᠨ ᠲᠠᠪᠤ᠂ ᠠᠷᠪᠠᠨ

ᠵᠢᠷᠭᠤᠳᠤᠭᠠᠷ ᠪᠦᠯᠦᢉ᠂ ᠑᠗᠂᠑ ᠳ᠋ᠦᢉᠡᠷ ᠵᠦᠢᠯ ᠳ᠋ᠦ ᠵᠢᠭᠠᠭᠰᠠᠨ ᠵᠥᠷᠢᠴᠡᠯ ᠦᠢᠯᠡᠳᠦᢉᠰᠡᠨ ᢈᠥᠮᠦᠨ᠂ ᠬᠠᠤᠯᠢ ᠶ᠋ᠢᠨ ᠡᠲᠡᢉᠡᠳ ᠲᠦ ᠬᠠᠮᠢᠶᠠᠷᠬᠤ ᠦᢉᠡᠢ᠃

᠔᠂ᠡᠷᢈᠡ ᠪᠦᢈᠦᠢ ᠠᠯᠪᠠᠨ ᠲᠤᠰᠢᠶᠠᠯᠲᠠᠨ ᠡᠴᠠ ᠣᠨᠤᠭᠳᠠᠭᠤᠯᠤᠭᠰᠠᠨ ᠲᠣᠷᠭᠠᠬᠤ ᠰᠢᠳᢈᠡᠯ ᠢ᠋ ᠡᠨᠡ ᠬᠠᠤᠯᠢ ᠳ᠋ᠤ ᠵᠢᠭᠠᠭᠰᠠᠨ ᠬᠤᠭᠤᠴᠠᠭᠠᠨ ᠳ᠋ᠤ ᠪᠠᠶᠡᠯᠡᢉᠦᠯᠦᢉᠡ ᠦᢉᠡᠢ

ᠪᠦᠯ ᠰᠢᠳᢈᠡᠯ ᠦ᠋ᠨ ᢈᠡᠮᠵᠢᠶ ᠡ ᠶ᠋ᠢ ᠕᠐ ᢈᠥᠷᠲᠡᠯ ᠡ ᠬᠤᠪᠢ ᠪᠠᠷ ᠨᠡᠮᠡᢉᠳᠡᢉᠦᠯᠦᠨ ᠡ᠃

᠕᠂ᠡᠨᠡ ᠵᠦᠢᠯ ᠦ᠋ᠨ ᠔ ᠳ᠋ᠡᢈᠢ ᢈᠡᠰᠡᢉ ᠲᠦ ᠵᠢᠭᠠᠭᠰᠠᠨ ᠤ᠋ ᠳᠠᠭᠠᠭᠤ ᠲᠣᠷᠭᠠᠬᠤ ᠰᠢᠳᢈᠡᠯ ᠢ᠋ ᠨᠡᠮᠡᢉᠳᠡᢉᠦᠯᠵᠦ ᠲᠣᠭᠠᠴᠠᠬᠤ ᠬᠤᠭᠤᠴᠠᠭ ᠠ᠂ ᠠᠷᠭᠠᠴᠢᠯᠠᠯ ᠢ᠋ ᠤᠯᠤᠰ ᠤ᠋ᠨ

ᠶᠡᠷᠦᠩᢈᠡᠢ ᠫᠷᠣᠻᠦ᠋ᠷᠣᠷ᠂ ᠬᠠᠤᠯᠢ ᠵᠦᠢ ᠶ᠋ᠢᠨ ᠠᠰᠠᠭᠤᠳᠠᠯ ᠡᠷᢈᠢᠯᠡᢉᠰᠡᠨ ᠵᠠᠰᠠᠭ ᠤ᠋ᠨ ᠭᠠᠵᠠᠷ ᠤ᠋ᠨ ᢉᠡᠰᠢᢉᠦᠨ ᠬᠠᠮᠲᠤᠷᠠᠨ ᠪᠠᠲᠤᠯᠠᠨ ᠠ᠃

᠖᠂ᠰᠢᢉᠦᢈᠦ᠂ ᠡᠷᢈᠡ ᠪᠦᢈᠦᠢ ᠠᠯᠪᠠᠨ ᠲᠤᠰᠢᠶᠠᠯᠲᠠᠨ ᠲᠣᠷᠭᠠᠬᠤ ᠰᠢᠳᢈᠡᠯ ᠢ᠋ ᠨᠢᢉᠡ ᠵᠢᠯ ᢈᠥᠷᠲᠡᠯ ᠡ ᠬᠤᠭᠤᠴᠠᠭᠠᠨ ᠳ᠋ᠤ ᢈᠡᠰᠡᢉᠴᠢᠯᠡᠨ ᠲᠥᠯᠦᢉᠦᠯᢈᠦ ᠪᠠᠷ ᠰᠢᠢᠳᠪᠦᠷᠢᠯᠡᢉᠰᠡᠨ

ᠪᠦᠯ ᠡᠨᠡ ᠵᠦᠶᠢᠯ ᠦ᠋ᠨ ᠑᠂ ᠔ ᠳ᠋ᠡᢈᠢ ᢈᠡᠰᠡᢉ ᠬᠠᠮᠢᠶᠠᠷᠬᠤ ᠦᢉᠡᠢ᠃

᠓᠂᠖᠂ᠨᠡᠶᠢᠲᠡ ᠳ᠋ᠦ ᠲᠤᠰᠠ ᠲᠠᠢ ᠠᠵᠢᠯ ᢈᠢᠯᢉᠡᢈᠦ ᠰᠢᠳᢈᠡᠯ

᠑᠂ᠵᠥᠷᠢᠴᠡᠯ ᠦᠢᠯᠡᠳᠦᢉᠰᠡᠨ ᢈᠥᠮᠦᠨ ᠡᠨᠡ ᠬᠠᠤᠯᠢ ᠶ᠋ᠢᠨ ᠓᠂᠕ ᠳ᠋ᠤᠭᠠᠷ ᠵᠦᠶᠢᠯ ᠦ᠋ᠨ ᠔ ᠳ᠋ᠡᢈᠢ ᢈᠡᠰᠡᢉ ᠲᠦ ᠵᠢᠭᠠᠭᠰᠠᠨ ᠤ᠋ ᠳᠠᠭᠠᠭᠤ ᠲᠣᠷᠭᠠᠬᠤ ᠰᠢᠳᢈᠡᠯ ᠢ᠋

ᠪᠠᠶᠡᠯᠡᢉᠦᠯᠦᢉᠡ ᠦᢉᠡᠢ ᠪᠦᠯ ᠰᠢᢉᠦᢈᠦ ᠡᠴᠡ ᠲᠣᠭᠲᠠᠭᠠᠭᠰᠠᠨ ᠨᠡᠶᠢᠲᠡ ᠶ᠋ᠢᠨ ᠠᠰᠢᠭ ᠰᠣᠨᠢᠷᠬᠠᠯ ᠳ᠋ᠤ ᠲᠤᠰᠠ ᠲᠠᠢ ᠠᠵᠢᠯ ᠢ᠋ ᠴᠠᠯᠢᠩ ᢈᠥᠯᠦᠰᠦ ᠣᠯᠭᠣᠬᠣ ᠦᢉᠡᠢ ᠪᠠᠷ ᢈᠢᠯᢉᠡᢈᠦ ᠶ᠋ᠢ

ᠨᠡᠶᠢᠲᠡ ᠳ᠋ᠦ ᠲᠤᠰᠠ ᠲᠠᠢ ᠠᠵᠢᠯ ᢈᠢᠯᢉᠡᢈᠦ ᠰᠢᠳᢈᠡᠯ ᢉᠡᠨ ᠡ᠃

᠒᠂ᠰᠢᢉᠦᢈᠦ ᠨᠡᠶᠢᠲᠡ ᠳ᠋ᠦ ᠲᠤᠰᠠ ᠲᠠᠢ ᠠᠵᠢᠯ ᢈᠢᠯᢉᠡᢈᠦ ᠰᠢᠳᢈᠡᠯ ᠢ᠋ ᠡᠳᠦᠷ ᠲᠦ ᠨᠠᠢᠮᠠ ᠡᠴᠠ ᠳᠡᢉᠡᢉᠰᠢ ᠦᢉᠡᠢ ᠴᠠᠭ ᠢ᠋ᠶᠠᠷ᠂ ᠨᠡᠶᠢᠲᠡ ᠬᠣᠶᠠᠷ ᠵᠠᠭᠤᠨ ᠳᠥᠴᠢ ᠡᠴᠡ

ᠳᠣᠯᠤᠭᠠᠨ ᠵᠠᠭᠤᠨ ᠬᠣᠷᠢᠨ ᠴᠠᠭ ᠢ᠋ᠶᠠᠷ ᠲᠣᠭᠲᠠᠭᠠᠨ ᠠ᠃

᠓᠂ᠡᠨᠡ ᠬᠠᠤᠯᠢ ᠶ᠋ᠢᠨ ᠓᠂᠕ ᠳ᠋ᠤᠭᠠᠷ ᠵᠦᠢᠯ ᠦ᠋ᠨ ᠔ ᠳ᠋ᠡᢈᠢ ᢈᠡᠰᠡᢉ ᠲᠦ ᠵᠢᠭᠠᠭᠰᠠᠨ ᠲᠣᠷᠭᠠᠬᠤ ᠰᠢᠳᢈᠡᠯ ᠢ᠋ ᠪᠠᠶᠡᠯᠡᢉᠦᠯᠦᢉᠡ ᠦᢉᠡᠢ ᠪᠦᠯ ᠲᠣᠷᠭᠠᠬᠤ ᠰᠢᠳᢈᠡᠯ ᠦ᠋ᠨ

ᠠᠷᠪᠠᠨ ᠲᠠᠪᠦᠨ ᠨᠢᢉᠡᠴᠡ ᠶ᠋ᠢ ᠨᠠᠢᠮᠠᠨ ᠴᠠᠭ ᠤ᠋ᠨ ᠨᠡᠶᠢᠲᠡ ᠳ᠋ᠦ ᠲᠤᠰᠠ ᠲᠠᠢ ᠠᠵᠢᠯ ᢈᠢᠯᢉᠡᢈᠦ ᠰᠢᠳᢈᠡᠯ ᠢ᠋ᠶᠡᠷ ᠲᠣᠭᠠᠴᠠᠵᠤ ᠰᠣᠯᠢᠨ ᠠ᠃

᠔᠂ᠨᠡᠶᠢᠲᠡ ᠳ᠋ᠦ ᠲᠤᠰᠠ ᠲᠠᠢ ᠠᠵᠢᠯ ᢈᠢᠯᢉᠡᢈᠦ ᠰᠢᠳᢈᠡᠯ ᠢ᠋ ᢈᠥᠳᠡᠯᠮᠦᠷᠢ ᠶ᠋ᠢᠨ ᠴᠢᠳᠠᠪᠦᠷᠢ ᠪᠠᠨ ᠪᠦᠷᠢᠨ ᠠᠯᠳᠠᠭᠰᠠᠨ ᢈᠥᠮᠦᠨ ᠳ᠋ᠦ᠂ ᠪᠠᠶ ᠡ ᠶ᠋ᠢᠨ ᠡᠷᠡᢉᠦᠯ ᠮᠡᠨᠳᠦ ᠳ᠋ᠦ

ᠰᠢᠭᠤᠳ ᠨᠥᠯᠦᢉᠡᠯᠡᢈᠦᠶᠢᠴᠡ ᠨᠡᠶᠢᠲᠡ ᠳ᠋ᠦ ᠲᠤᠰᠠ ᠲᠠᠢ ᠠᠵᠢᠯ ᢈᠢᠯᢉᠡᢈᠦ ᠰᠢᠳᢈᠡᠯ ᠢ᠋ ᠵᠢᠷᠮᠦᠰᠦᠨ ᠡᠮᠡᢉᠲᠡᠢ᠂ ᠲᠠᠪᠢᠨ ᠲᠠᠪᠤ ᠡᠴᠠ ᠳᠡᢉᠡᢉᠰᠢ ᠨᠠᠰᠤᠨ ᠤ᠋ ᠡᠮᠡᢉᠲᠡᠢ᠂ ᠵᠢᠷᠠ ᠡᠴᠠ

ᠳᠡᢉᠡᢉᠰᠢ ᠨᠠᠰᠤᠨ ᠤ᠋ ᠡᠷᠡᢉᠲᠡᠢ ᢈᠥᠮᠦᠨ ᠳ᠋ᠦ ᠣᠨᠤᠭᠳᠠᠭᠤᠯᠬᠤ ᠦᢉᠡᠢ᠃»

᠒ ᠳ᠋ᠤᠭᠠᠷ ᠵᠦᠶᠢᠯ᠃ᠵᠥᠷᠢᠴᠡᠯ ᠦ᠋ᠨ ᠲᠤᠬᠠᠢ ᠬᠠᠤᠯᠢ ᠶ᠋ᠢᠨ ᠓᠂᠓ ᠳ᠋ᠤᠭᠠᠷ ᠵᠦᠶᠢᠯ ᠦ᠋ᠨ ᠒ ᠳ᠋ᠠᢈᠢ ᢈᠡᠰᠡᢉ ᠦ᠋ᠨ « ᠦᠨᠳᠦᠰᠦᠨ᠂» ᢉᠡᠰᠡᠨ ᠤ᠋ ᠳᠠᠷᠠᠭ ᠠ « ᠨᠡᠶᠢᠲᠡ ᠳ᠋ᠦ

ᠲᠤᠰᠠ ᠲᠠᠢ ᠠᠵᠢᠯ ᢈᠢᠯᢉᠡᢈᠦ᠂» ᢉᠡᠵᠦ ᠨᠡᠮᠡᠰᠦᢉᠡᠢ᠃

᠓ ᠳ᠋ᠤᠭᠠᠷ ᠵᠦᠶᠢᠯ᠃ᠵᠥᠷᠢᠴᠡᠯ ᠦ᠋ᠨ ᠲᠤᠬᠠᠢ ᠬᠠᠤᠯᠢ ᠶ᠋ᠢᠨ ᠑᠔᠂᠗ ᠳ᠋ᠤᠭᠠᠷ ᠵᠦᠢᠯ ᠦ᠋ᠨ ᠕ ᠳ᠋ᠠᢈᠢ ᢈᠡᠰᠡᢉ ᠢ᠋ ᠳᠣᠣᠷ ᠠ ᠳᠤᠷᠠᠳᠤᠭᠰᠠᠨ ᠢ᠋ᠶᠠᠷ ᠥᢉᠡᠷᠡᠴᠢᠯᠡᠨ

ᠨᠠᠶᠢᠷᠠᠭᠤᠯᠰᠤᠭᠠᠢ:

« ᠕᠂ᠵᠢᠯᠤᠭᠤᠴᠢ:

᠕᠂᠑᠂ᠰᠣᠭᠲᠤᠭᠤᠷᠠᠭᠰᠠᠨ᠂ ᠮᠠᠩᠰᠢᠭᠤᠷᠠᠭᠰᠠᠨ ᠦᠶ ᠡ ᠳ᠋ᠦ ᠪᠠᠨ ᠲᠡᢉᠡᢉᠡᠪᠦᠷᠢ ᠶ᠋ᠢᠨ ᢈᠡᠷᠡᢉᠰᠡᠯ ᠵᠢᠯᠤᠭᠤᠳᠤᠭᠰᠠᠨ;

᠕᠂᠒᠂ᠲᠡᢉᠡᢉᠡᠪᠦᠷᠢ ᠶ᠋ᠢᠨ ᢈᠡᠷᠡᢉᠰᠡᠯ ᠵᠢᠯᠤᠭᠤᠳᠬᠤ ᠡᠷᢈᠡ ᠦᢉᠡᠢ᠂ ᠡᠰᠡᢈᠦᠯ ᠡ ᠵᠢᠯᠤᠭᠤᠳᠬᠤ ᠡᠷᢈᠡ ᠨᠢ ᠳᠠᠭᠤᠰᠬᠠᠪᠦᠷᠢ ᠪᠦᠯᠤᠭᠰᠠᠨ ᢈᠥᠮᠦᠨ

ᠰᠣᠭᠲᠤᠭᠤᠷᠠᠭᠰᠠᠨ᠂ ᠮᠠᠩᠰᠢᠭᠤᠷᠠᠭᠰᠠᠨ ᠦᠶ ᠡ ᠳ᠋ᠦ ᠪᠠᠨ ᠲᠡᢉᠡᢉᠡᠪᠦᠷᠢ ᠶ᠋ᠢᠨ ᢈᠡᠷᠡᢉᠰᠡᠯ ᠵᠢᠯᠤᠭᠤᠳᠤᠭᠰᠠᠨ;

᠕᠂᠓᠂ᠰᠣᠭᠲᠤᠭᠤᠷᠠᠭᠰᠠᠨ᠂ ᠮᠠᠩᠰᠢᠭᠤᠷᠠᠭᠰᠠᠨ ᠡᠰᠡᢈᠦ ᠶ᠋ᠢ ᠵᠣᢈᠢᠬᠤ ᠵᠢᠷᠤᠮ ᠤ᠋ᠨ ᠳᠠᠭᠠᠭᠤ ᠰᠢᠯᠭᠠᠭᠤᠯᠬᠤ ᠡᠴᠠ ᠵᠠᠶᠢᠯᠠᠰᢈᠢᢉᠰᠡᠨ ᠪᠦᠯ ᠲᠡᢉᠡᢉᠡᠪᠦᠷᠢ ᠶ᠋ᠢᠨ

ᢈᠡᠷᠡᢉᠰᠡᠯ ᠵᠢᠯᠤᠭᠤᠳᠬᠤ ᠡᠷᢈᠡ ᠶ᠋ᠢ ᠨᠢᢉᠡ ᠵᠢᠯ ᠦ᠋ᠨ ᠬᠤᠭᠤᠴᠠᠭ ᠠ ᠪᠠᠷ ᠬᠠᠰᠤᠵᠤ ᠳᠥᠷᠪᠠᠨ ᠵᠠᠭᠤᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠬᠤ᠂

ᠡᠰᠡᢈᠦᠯ ᠡ ᠳᠣᠯᠤᠭ ᠠ ᠡᠴᠠ ᠭᠤᠴᠢ ᠬᠣᠨᠤᠭ ᠤ᠋ᠨ ᠬᠤᠭᠤᠴᠠᠭ ᠠ ᠪᠠᠷ ᠪᠠᠷᠢᠪᠴᠢᠯᠠᠬᠤ ᠰᠢᠳᢈᠡᠯ ᠣᠨᠤᠭᠳᠠᠭᠤᠯᠤᠨ ᠠ᠃»

᠔ ᠳ᠋ᠦᢉᠡᠷ ᠵᠦᠶᠢᠯ᠃ᠵᠥᠷᠢᠴᠡᠯ ᠦ᠋ᠨ ᠲᠤᠬᠠᠢ ᠬᠠᠤᠯᠢ ᠶ᠋ᠢᠨ ᠓᠂᠓ ᠳ᠋ᠤᠭᠠᠷ ᠵᠦᠢᠯ ᠦ᠋ᠨ ᠑᠂᠒᠂ ᠑᠂᠓ ᠳ᠋ᠠᢈᠢ ᠵᠢᠭᠠᠯᠲᠠ ᠶ᠋ᠢᠨ ᠳ᠋ᠤᠭᠠᠷ ᠢ᠋ « ᠑᠂᠓᠂ ᠑᠂᠔ » ᢉᠡᠵᠦ᠂ ᠓᠂᠕᠂

᠓᠂᠖᠂ ᠓᠂᠗᠂ ᠓᠂᠘ ᠳ᠋ᠤᠭᠠᠷ ᠵᠦᠶᠢᠯ ᠦ᠋ᠨ ᠳ᠋ᠤᠭᠠᠷ ᠢ᠋ « ᠓᠂᠗᠂ ᠓᠂᠘᠂ ᠓᠂᠙᠂ ᠓᠂᠑᠐ » ᢉᠡᠵᠦ᠂ ᠑᠔᠂᠗ ᠳ᠋ᠤᠭᠠᠷ ᠵᠦᠶᠢᠯ ᠦ᠋ᠨ ᠑ ᠳ᠋ᠡᢈᠢ ᢈᠡᠰᠡᢉ ᠦ᠋ᠨ « ᠬᠣᠶᠠᠷ ᠵᠠᠭᠤᠨ » ᢉᠡᠰᠡᠨ ᠢ᠋

« ᠳᠥᠷᠪᠠᠨ ᠵᠠᠭᠤᠨ » ᢉᠡᠵᠦ ᠲᠤᠰ ᠲᠤᠰ ᠥᢉᠡᠷᠡᠴᠢᠯᠡᠰᠦᢉᠡᠢ᠃

᠕ ᠳ᠋ᠤᠭᠠᠷ ᠵᠦᠶᠢᠯ᠃ᠵᠥᠷᠢᠴᠡᠯ ᠦ᠋ᠨ ᠲᠤᠬᠠᠢ ᠬᠠᠤᠯᠢ ᠶ᠋ᠢᠨ ᠑᠔᠂᠗ ᠳ᠋ᠤᠭᠠᠷ ᠵᠦᠢᠯ ᠦ᠋ᠨ ᠓ ᠳ᠋ᠠᢈᠢ ᢈᠡᠰᠡᢉ ᠢ᠋ ᢈᠥᠴᠦᠨ ᠦᢉᠡᠢ ᠪᠦᠯᠤᠭᠰᠠᠨ ᠳ᠋ᠤ ᠲᠣᠭᠠᠴᠠᠰᠤᠭᠠᠢ᠃

᠖ ᠳ᠋ᠤᠭᠠᠷ ᠵᠦᠶᠢᠯ᠃ᠡᠨᠡ ᠬᠠᠤᠯᠢ ᠶ᠋ᠢ ᠒᠐᠒᠓ ᠣᠨ ᠤ᠋ ᠑᠒ ᠳ᠋ᠤᠭᠠᠷ ᠰᠠᠷ ᠠ ᠶ᠋ᠢᠨ ᠐᠗᠆ ᠤ᠋ ᠡᠳᠦᠷ ᠪᠠᠲᠤᠯᠠᠭᠰᠠᠨ ᠡᠷᠡᢉᠦᠦ ᠶ᠋ᠢᠨ ᠬᠠᠤᠯᠢ ᠳ᠋ᠤ ᠨᠡᠮᠡᠯᠲᠡ᠂ ᠥᢉᠡᠷᠡᠴᠢᠯᠡᠯᠲᠡ

ᠣᠷᠤᠭᠤᠯᠬᠤ ᠲᠤᠬᠠᠢ ᠬᠠᠤᠯᠢ ᢈᠥᠴᠦᠨ ᠲᠡᢉᠦᠯᠳᠡᠷ ᠪᠦᠯᠤᠭᠰᠠᠨ ᠡᠳᠦᠷ ᠡᠴᠡ ᠡᢈᠢᠯᠡᠨ ᠳᠠᠭᠠᠵᠤ ᠮᠥᠷᠳᠡᠨ ᠡ᠃

ᠮᠣᠩᠭᠤᠯ ᠤᠯᠤᠰ ᠤ᠋ᠨ

ᠶᠡᢈᠡ ᠬᠤᠷᠠᠯ ᠤ᠋ᠨ ᠳᠠᠷᠤᠭ ᠠ ᠭᠣ᠋᠂ᠽᠠᠨᠳᠠᠨᠰᠢᠲᠠᠷ ᠠ

Төрийн мэдээлэл · 2024 · № 2 (1298)153–158-р хуудас