У с бохирдуулсны төлбөрийн тухай хуульд нэмэлт, өөрчлөлт оруулах тухай
2024 оны 06 дугаар Улаанбаатар
сарын 05-ны өдөр хот
1 дүгээр зүйл.Ус бохирдуулсны төлбөрийн тухай хуулийн 5
дугаар зүйлд доор дурдсан агуулгатай 5.3 дахь хэсэг нэмсүгэй:
“5.3.Усны асуудал хариуцсан төрийн захиргааны байгууллага
хаягдал усны дүгнэлт гаргаснаас хойш ажлын 10 өдрийн дотор татварын алба болон ус бохирдуулагчид хүргүүлнэ.”
2 дугаар зүйл.Ус бохирдуулсны төлбөрийн тухай хуулийн 4 дүгээр
зүйлийн 4.3 дахь хэсгийн “дарга” гэсний дараа “, орон нутгийн зэрэглэлтэй хотын Захирагч” гэж, 4.6 дахь хэсгийн, 7 дугаар зүйлийн 7.1 дэх хэсгийн “үндэслэн” гэсний дараа “бүс нутгийн хөгжлийн онцлогийг харгалзан” гэж, 5 дугаар зүйлийн 5.1 дэх хэсгийн “хаягдал усанд” гэсний дараа “хаягдал усны дүгнэлт гаргах эрх бүхий байгууллага” гэж тус тус нэмсүгэй.
3 дугаар зүйл.Ус бохирдуулсны төлбөрийн тухай хуулийн 9
дүгээр зүйлийн 9.2 дахь хэсгийг доор дурдсанаар өөрчлөн найруулсугай:
“9.2.Татварын асуудал эрхэлсэн төрийн захиргааны байгууллага
төлбөрийн нэгдсэн тайланг дараа оны 03 дугаар сарын 15-ны өдрийн дотор гаргаж, байгаль орчны асуудал эрхэлсэн төрийн захиргааны төв байгууллагад хүргүүлнэ.”
4 дүгээр зүйл.Ус бохирдуулсны төлбөрийн тухай хуулийн 4
дүгээр зүйлийн 4.2 дахь хэсгийн “даргатай” гэснийг “дарга, орон нутгийн зэрэглэлтэй хотын Захирагчтай” гэж, мөн зүйлийн 4.6 дахь хэсгийн, 7 дугаар зүйлийн 7.1 дэх хэсгийн “тогтооно” гэснийг “тогтоож болно” гэж, мөн зүйлийн 7.3 дахь хэсгийн “50-иас доошгүй хувийг” гэснийг “50 хувийг хотын дэд бүтцийн санд төвлөрүүлж,” гэж, 9 дүгээр зүйлийн 9.1 дэх хэсгийн “төлнө.” гэснийг “төлж, улирлын тайланг дараа улирлын эхний сарын 20-ны өдрийн дотор, жилийн эцсийн тайланг дараа оны 02 дугаар сарын 10-ны дотор харьяалах татварын албанд хүргүүлнэ.” гэж тус тус өөрчилсүгэй.
5 дугаар зүйл.Энэ хуулийг Хот, тосгоны эрх зүйн байдлын тухай
хууль /Шинэчилсэн найруулга/ хүчин төгөлдөр болсон өдрөөс эхлэн дагаж мөрдөнө. МОНГОЛ УЛСЫН ИХ ХУРЛЫН ДАРГА Г.ЗАНДАНШАТАР
Moehgo& Folo_ oa HeolI
᠒᠐᠒᠔ ᠣᠨ ᠤ᠋ ᠐᠖ ᠳ᠋ᠣᠭᠠᠷ ᠰᠠᠷ ᠠ ᠶ᠋ᠢᠨ ᠐᠕᠆ᠤ᠋ ᠡᠳᠦᠷ ᠤᠯᠠᠭᠠᠨᠪᠠᠭᠠᠲᠤᠷ ᠬᠣᠲᠠ
ᠤᠰᠤ ᠪᠣᢈᠢᠷᠳᠠᠭᠤᠯᠤᠭᠰᠠᠨ ᠤ᠋ ᠲᠥᠯᠦᠪᠣᠷᠢ ᠶ᠋ᠢᠨ ᠲᠤᠬᠠᠢ
ᠬᠠᠤᠯᠢ ᠳ᠋ᠤ ᠨᠡᠮᠡᠯᠲᠡ᠂ ᠥᢉᠡᠷᠡᠴᠢᠯᠡᠯᠲᠡ
ᠣᠷᠤᠭᠤᠯᠬᠤ ᠲᠤᠬᠠᠢ
᠑ ᠳ᠋ᠦᢉᠡᠷ ᠵᠦᠶᠢᠯ᠃ᠤᠰᠤ ᠪᠣᢈᠢᠷᠳᠠᠭᠤᠯᠤᠭᠰᠠᠨ ᠤ᠋ ᠲᠥᠯᠦᠪᠣᠷᠢ ᠶ᠋ᠢᠨ ᠲᠤᠬᠠᠢ ᠬᠠᠤᠯᠢ ᠶ᠋ᠢᠨ ᠕ ᠳ᠋ᠤᠭᠠᠷ ᠵᠦᠶᠢᠯ ᠳ᠋ᠦ ᠳᠣᠣᠷ ᠠ ᠳᠤᠷᠠᠳᠤᠭᠰᠠᠨ ᠠᠭᠤᠯᠭ ᠠ ᠲᠠᠢ
᠕᠂᠓ ᠳ᠋ᠠᢈᠢ ᢈᠡᠰᠡᢉ ᠨᠡᠮᠡᠰᠦᢉᠡᠢ:
«᠕᠂᠓᠂ᠤᠰᠤᠨ ᠤ᠋ ᠠᠰᠠᠭᠤᠳᠠᠯ ᠬᠠᠷᠢᠭᠤᠴᠠᠭᠰᠠᠨ ᠲᠥᠷᠦ ᠶ᠋ᠢᠨ ᠵᠠᢈᠢᠷᠭᠠᠨ ᠤ᠋ ᠪᠠᠶᠢᠭᠤᠯᠤᠯᠭ ᠠ ᠬᠠᠶᠠᠭᠳᠠᠯ ᠤᠰᠤᠨ ᠤ᠋ ᠳ᠋ᠦᠩᠨᠡᠯᠲᠡ ᠭᠠᠷᠭᠠᠭᠰᠠᠨ ᠡᠴᠠ ᠬᠣᠶᠢᠰᠢ
ᠠᠵᠢᠯ ᠤ᠋ᠨ ᠑᠐ ᠡᠳᠦᠷ ᠦ᠋ᠨ ᠳᠣᠲᠤᠷ ᠠ ᠲᠠᠲᠠᠪᠣᠷᠢ ᠶ᠋ᠢᠨ ᠠᠯᠪᠠ ᠪᠣᠯᠤᠨ ᠤᠰᠤ ᠪᠣᢈᠢᠷᠳᠠᠭᠤᠯᠤᠭᠴᠢ ᠳ᠋ᠣ ᢈᠦᠷᢈᠡᢉᠦᠯᠦᠨ ᠡ᠃»
᠒ ᠳ᠋ᠤᠭᠠᠷ ᠵᠦᠶᠢᠯ᠃ᠤᠰᠤ ᠪᠣᢈᠢᠷᠳᠠᠭᠤᠯᠤᠭᠰᠠᠨ ᠤ᠋ ᠲᠥᠯᠦᠪᠣᠷᠢ ᠶ᠋ᠢᠨ ᠲᠤᠬᠠᠢ ᠬᠠᠤᠯᠢ ᠶ᠋ᠢᠨ ᠔ ᠳ᠋ᠦᢉᠡᠷ ᠵᠦᠶᠢᠯ ᠦ᠋ᠨ ᠔᠂᠓ ᠳ᠋ᠠᢈᠢ ᢈᠡᠰᠡᢉ ᠦ᠋ᠨ «ᠳᠠᠷᠤᠭ ᠠ» ᢈᠡᠰᠡᠨ ᠤ᠋
ᠳᠠᠷᠠᠭ ᠠ «᠂ ᠣᠷᠤᠨ ᠨᠤᠲᠤᠭ ᠤ᠋ᠨ ᠵᠡᠷᢉᠡᠯᠡᠯ ᠲᠡᠢ ᠬᠣᠲᠠ ᠶ᠋ᠢᠨ ᠵᠠᢈᠢᠷᠤᠭᠴᠢ» ᢉᠡᠵᠦ᠂ ᠔᠂᠖ ᠳ᠋ᠠᢈᠢ ᢈᠡᠰᠡᢉ ᠦ᠋ᠨ᠂ ᠗ ᠳ᠋ᠤᠭᠠᠷ ᠵᠦᠶᠢᠯ ᠦ᠋ᠨ ᠗᠂᠑ ᠳ᠋ᠡᢈᠢ ᢈᠡᠰᠡᢉ ᠦ᠋ᠨ «ᠦᠨᠳᠦᠰᠦᠯᠡᠨ»
ᢈᠡᠰᠡᠨ ᠤ᠋ ᠳᠠᠷᠠᠭ ᠠ «ᠪᠦᠰᠡ ᠨᠤᠲᠤᠭ ᠤ᠋ᠨ ᢈᠦᢉᠵᠢᠯ ᠦ᠋ᠨ ᠣᠨᠴᠠᠯᠢᠬ ᠢ᠋ ᠬᠠᠷᠠᠭᠠᠯᠵᠠᠨ» ᢉᠡᠵᠦ᠂ ᠕ ᠳ᠋ᠤᠭᠠᠷ ᠵᠦᠶᠢᠯ ᠦ᠋ᠨ ᠕᠂᠑ ᠳ᠋ᠡᢈᠢ ᢈᠡᠰᠡᢉ ᠦ᠋ᠨ «ᠬᠠᠶᠠᠭᠳᠠᠯ ᠤᠰᠤᠨ ᠳ᠋ᠤ»
ᢈᠡᠰᠡᠨ ᠤ᠋ ᠳᠠᠷᠠᠭ ᠠ «ᠬᠠᠶᠠᠭᠳᠠᠯ ᠤᠰᠤᠨ ᠤ᠋ ᠳ᠋ᠦᠩᠨᠡᠯᠲᠡ ᠭᠠᠷᠭᠠᠬᠤ ᠡᠷᢈᠡ ᠪᠦᢈᠦᠢ ᠪᠠᠶᠢᠭᠤᠯᠤᠯᠭ ᠠ» ᢉᠡᠵᠦ ᠲᠤᠰ ᠲᠤᠰ ᠨᠡᠮᠡᠰᠦᢉᠡᠢ᠃
᠓ ᠳ᠋ᠤᠭᠠᠷ ᠵᠦᠶᠢᠯ᠃ᠤᠰᠤ ᠪᠣᢈᠢᠷᠳᠠᠭᠤᠯᠤᠭᠰᠠᠨ ᠤ᠋ ᠲᠥᠯᠦᠪᠣᠷᠢ ᠶ᠋ᠢᠨ ᠲᠤᠬᠠᠢ ᠬᠠᠤᠯᠢ ᠶ᠋ᠢᠨ ᠙ ᠳ᠋ᠦᢉᠡᠷ ᠵᠦᠢᠯ ᠦ᠋ᠨ ᠙᠂᠒ ᠳ᠋ᠠᢈᠢ ᢈᠡᠰᠡᢉ ᠢ᠋ ᠳᠣᠣᠷ ᠠ ᠳᠤᠷᠠᠳᠤᠭᠰᠠᠨ ᠢ᠋ᠶᠠᠷ
ᠥᢉᠡᠷᠡᠴᠢᠯᠡᠨ ᠨᠠᠶᠢᠷᠠᠭᠤᠯᠰᠤᠭᠠᠢ:
«᠙᠂᠒᠂ᠲᠠᠲᠠᠪᠣᠷᠢ ᠶ᠋ᠢᠨ ᠠᠰᠠᠭᠤᠳᠠᠯ ᠡᠷᢈᠢᠯᠡᢉᠰᠡᠨ ᠲᠥᠷᠦ ᠶ᠋ᠢᠨ ᠵᠠᢈᠢᠷᠭᠠᠨ ᠤ᠋ ᠪᠠᠶᠢᠭᠤᠯᠤᠯᠭ ᠠ ᠲᠥᠯᠦᠪᠣᠷᠢ ᠶ᠋ᠢᠨ ᠨᠢᢉᠡᠳᠦᢉᠰᠡᠨ ᠲᠠᠶᠢᠯᠤᠨ ᠢ᠋ ᠳᠠᠷᠠᠭ ᠠ ᠣᠨ ᠤ᠋
᠐᠓ ᠳ᠋ᠤᠭᠠᠷ ᠰᠠᠷ ᠠ ᠶ᠋ᠢᠨ ᠑᠕᠆ᠤ᠋ ᠡᠳᠦᠷ ᠦ᠋ᠨ ᠳᠣᠲᠤᠷ ᠠ ᠭᠠᠷᠭᠠᠵᠤ᠂ ᠪᠠᠶᠢᠭᠠᠯᠢ ᠣᠷᠴᠢᠨ ᠤ᠋ ᠠᠰᠠᠭᠤᠳᠠᠯ ᠡᠷᢈᠢᠯᠡᢉᠰᠡᠨ ᠲᠥᠷᠦ ᠶ᠋ᠢᠨ ᠵᠠᢈᠢᠷᠭᠠᠨ ᠤ᠋ ᠲᠥᠪ ᠪᠠᠶᠢᠭᠤᠯᠤᠯᠭ ᠠ ᠳ᠋ᠤ
ᢈᠦᠷᢈᠡᢉᠦᠯᠦᠨ ᠡ᠃»
᠔ ᠳ᠋ᠦᢉᠡᠷ ᠵᠦᠶᠢᠯ᠃ᠤᠰᠤ ᠪᠣᢈᠢᠷᠳᠠᠭᠤᠯᠤᠭᠰᠠᠨ ᠤ᠋ ᠲᠥᠯᠦᠪᠣᠷᠢ ᠶ᠋ᠢᠨ ᠲᠤᠬᠠᠢ ᠬᠠᠤᠯᠢ ᠶ᠋ᠢᠨ ᠔ ᠳ᠋ᠦᢉᠡᠷ ᠵᠦᠶᠢᠯ ᠦ᠋ᠨ ᠔᠂᠒ ᠳ᠋ᠠᢈᠢ ᢈᠡᠰᠡᢉ ᠦ᠋ᠨ «ᠳᠠᠷᠤᠭ ᠠ ᠲᠠᠢ»
ᢉᠡᠰᠡᠨ ᠢ᠋ «ᠳᠠᠷᠤᠭ ᠠ᠂ ᠣᠷᠤᠨ ᠨᠤᠲᠤᠭ ᠤ᠋ᠨ ᠵᠡᠷᢉᠡᠯᠡᠯ ᠲᠡᠢ ᠬᠣᠲᠠ ᠶ᠋ᠢᠨ ᠵᠠᢈᠢᠷᠤᠭᠴᠢ ᠲᠠᠢ» ᢉᠡᠵᠦ᠂ ᠮᠥᠨ ᠵᠦᠢᠯ ᠦ᠋ᠨ ᠔᠂᠖ ᠳ᠋ᠠᢈᠢ ᢈᠡᠰᠡᢉ ᠦ᠋ᠨ᠂ ᠗ ᠳ᠋ᠤᠭᠠᠷ ᠵᠦᠶᠢᠯ ᠦ᠋ᠨ
᠗᠂᠑ ᠳ᠋ᠡᢈᠢ ᢈᠡᠰᠡᢉ ᠦ᠋ᠨ «ᠲᠣᠭᠲᠠᠭᠠᠨ ᠠ» ᢉᠡᠰᠡᠨ ᠢ᠋ «ᠲᠣᠭᠲᠠᠭᠠᠵᠤ ᠪᠣᠯᠤᠨ ᠠ» ᢉᠡᠵᠦ᠂ ᠮᠥᠨ ᠵᠦᠶᠢᠯ ᠦ᠋ᠨ ᠗᠂᠓ ᠳ᠋ᠠᢈᠢ ᢈᠡᠰᠡᢉ ᠦ᠋ᠨ «᠕᠐᠆ᠡᠴᠠ ᠳᠣᠭᠤᠭᠰᠢ ᠦᢉᠡᠢ ᠬᠤᠪᠢ ᠶ᠋ᠢ»
ᢉᠡᠰᠡᠨ ᠢ᠋ «᠕᠐ ᠬᠤᠪᠢ ᠶ᠋ᠢ ᠬᠣᠲᠠ ᠶ᠋ᠢᠨ ᠳᠡᠳ᠋ ᠪᠦᠲᠦᠴᠡ ᠶ᠋ᠢᠨ ᠰᠠᠩ ᠳ᠋ᠤ ᠲᠥᠪᠯᠡᠷᠡᢉᠦᠯᠵᠦ᠂» ᢉᠡᠵᠦ᠂ ᠙ ᠳ᠋ᠦᢉᠡᠷ ᠵᠦᠶᠢᠯ ᠦ᠋ᠨ ᠙᠂᠑ ᠳ᠋ᠡᢈᠢ ᢈᠡᠰᠡᢉ ᠦ᠋ᠨ «ᠲᠥᠯᠦᠨ ᠡ᠃» ᢉᠡᠰᠡᠨ ᠢ᠋
«ᠲᠥᠯᠦᠵᠦ᠂ ᠤᠯᠠᠷᠢᠯ ᠤ᠋ᠨ ᠲᠠᠶᠢᠯᠤᠨ ᠢ᠋ ᠳᠠᠷᠠᠭ ᠠ ᠤᠯᠠᠷᠢᠯ ᠤ᠋ᠨ ᠡᢈᠢᠨ ᠦ᠋ ᠰᠠᠷ ᠠ ᠶ᠋ᠢᠨ ᠒᠐ ᠆ᠤ᠋ ᠡᠳᠦᠷ ᠦ᠋ᠨ ᠳᠣᠲᠤᠷ ᠠ᠂ ᠵᠢᠯ ᠦ᠋ᠨ ᠡᠴᠦᠰ ᠦ᠋ᠨ ᠲᠠᠶᠢᠯᠤᠨ ᠢ᠋ ᠳᠠᠷᠠᠭ ᠠ ᠣᠨ ᠤ᠋
᠐᠒ ᠳ᠋ᠤᠭᠠᠷ ᠰᠠᠷ ᠠ ᠶ᠋ᠢᠨ ᠑᠐᠆ᠤ᠋ ᠳᠣᠲᠤᠷ ᠠ ᠬᠠᠷᠢᠶᠠᠯᠠᠬᠤ ᠲᠠᠲᠠᠪᠣᠷᠢ ᠶ᠋ᠢᠨ ᠠᠯᠪᠠᠨ ᠳ᠋ᠤ ᢈᠦᠷᢈᠡᢉᠦᠯᠦᠨ ᠡ᠃» ᢉᠡᠵᠦ ᠲᠤᠰ ᠲᠤᠰ ᠥᢉᠡᠷᠡᠴᠢᠯᠡᠰᠦᢉᠡᠢ᠃
᠕ ᠳ᠋ᠤᠭᠠᠷ ᠵᠦᠶᠢᠯ᠃ᠡᠨᠡ ᠬᠠᠤᠯᠢ ᠶ᠋ᠢ ᠬᠣᠲᠠ᠂ ᠲᠣᠰᠬᠤᠨ ᠤ᠋ ᠡᠷᢈᠡ ᠵᠦᠢ ᠶ᠋ᠢᠨ ᠪᠠᠶᠢᠳᠠᠯ ᠤ᠋ᠨ ᠲᠤᠬᠠᠢ ᠬᠠᠤᠯᠢ /ᠰᠢᠨᠡᠴᠢᠯᠡᢉᠰᠡᠨ ᠨᠠᠶᠢᠷᠠᠭᠤᠯᠭ ᠠ/ ᢈᠦᠴᠦᠨ ᠲᠡᢉᠦᠯᠳᠡᠷ
ᠪᠣᠯᠤᠭᠰᠠᠨ ᠡᠳᠦᠷ ᠡᠴᠡ ᠡᢈᠢᠯᠡᠨ ᠳᠠᠭᠠᠵᠤ ᠮᠥᠷᠳᠡᠨ ᠡ᠃
ᠮᠣᠩᠭᠤᠯ ᠤᠯᠤᠰ ᠤ᠋ᠨ
ᠶᠡᢈᠡ ᠬᠤᠷᠠᠯ ᠤ᠋ᠨ ᠳᠠᠷᠤᠭ ᠠ ᠭᠣ ᠂ᠽᠠᠨᠳᠠᠨᠰᠢᠲᠠᠷ ᠠ