Монгол Улсын Их Хурал
ТӨРИЙН
МЭДЭЭЛЭЛ
(ХУУЛЬ, ТОГТООЛ, ЗАРЛИГ)
№ 30
(1326)
— 2766 —

Гэр бүлийн хүчирхийлэлтэй тэмцэх тухай хуульд нэмэлт, өөрчлөлт оруулах тухай

2024 оны 01 дүгээр Улаанбаатар

сарын 17-ны өдөр хот

ГЭР БҮЛИЙН ХҮЧИРХИЙЛЭЛТЭЙ ТЭМЦЭХ ТУХАЙ ХУУЛЬД НЭМЭЛТ,
ӨӨРЧЛӨЛТ ОРУУЛАХ ТУХАЙ

1 дүгээр зүйл.Гэр бүлийн хүчирхийлэлтэй тэмцэх тухай хуульд

доор дурдсан агуулгатай дараах хэсэг нэмсүгэй:

1/20 дугаар зүйлийн 20.4 дэх хэсэг:

“20.4.Хүүхэд, гэр бүлийн хөгжлийн асуудал хариуцсан төрийн

захиргааны болон орон нутгийн байгууллага нь хамтарсан багийн хүүхэд хамгааллын үйлчилгээ үзүүлэх үйл ажиллагааг мэргэжил, арга зүйн удирдлагаар хангах, туслалцаа, дэмжлэг үзүүлэх, хяналт тавих, чиглэл өгч ажиллана.”

2/30 дугаар зүйлийн 30.11 дэх хэсэг:

“30.11.Хүүхдийн түр хамгаалан байрлуулах үйлчилгээг

төрөлжүүлэн зохион байгуулж болно.”

2 дугаар зүйл.Гэр бүлийн хүчирхийлэлтэй тэмцэх тухай хуулийн

35 дугаар зүйлийн 35.2 дахь хэсэгт “Төрийн байгууллагын харьяанд байгуулсан түр хамгаалах байрны урсгал зардал, түр хамгаалан байрлуулж энэ хуульд заасан үйлчилгээ үзүүлэх зардлыг тухайн байгууллага хариуцна.” гэсэн хоёр дахь өгүүлбэр нэмсүгэй.

3 дугаар зүйл.Гэр бүлийн хүчирхийлэлтэй тэмцэх тухай хуулийн

дараах хэсэг, заалтыг доор дурдсанаар өөрчлөн найруулсугай:

1/18 дугаар зүйлийн 18.1.2 дахь заалт:

“18.1.2.Засаг даргын өргөн мэдүүлснээр харьяалах

нутаг дэвсгэртээ хэрэгжүүлэх гэр бүлийн хүчирхийлэлтэй тэмцэх үйл ажиллагааны зардал, нэг цэгийн үйлчилгээний төв, түр хамгаалах байрны урсгал зардал, хамтарсан багийн үйл ажиллагааны зардал, хохирогчид үйлчилгээ үзүүлэхтэй холбогдсон зардлыг тухайн орон нутгийн төсөвт тусган батлах, гүйцэтгэлийн тайланг хэлэлцэх;”

2/19 дүгээр зүйлийн 19.1.5 дахь заалт:

МОНГОЛ УЛСЫН ХУУЛЬ

“19.1.5.тухайн шатны жилийн төсвийн төсөлд нэг цэгийн

үйлчилгээний төв, түр хамгаалах байрны урсгал зардал, хамтарсан багийн үйл ажиллагааны зардал, хохирогчид үйлчилгээ үзүүлэхтэй холбогдсон зардлыг тусгаж, иргэдийн Төлөөлөгчдийн Хуралд өргөн мэдүүлэх, гүйцэтгэлийг тайлагнах;”

3/20 дугаар зүйлийн 20.1 дэх хэсэг:

“20.1.Хамтарсан баг нь өрхийн эмч, сум болон хорооны нийгмийн

ажилтан, сургуулийн, нийгмийн халамжийн болон хүүхэд, гэр бүлийн нийгмийн ажилтан, цагдаагийн алба хаагч, энэ чиглэлээр үйлчилгээ үзүүлдэг төрийн бус байгууллагын төлөөллөөс бүрдэх бөгөөд хамтарсан багийг тухайн сум, баг, хорооны Засаг дарга ахална.”

4 дүгээр зүйл.Гэр бүлийн хүчирхийлэлтэй тэмцэх тухай хуулийн

5 дугаар зүйлийн 5.1.4 дэх заалтын ““гэр бүлийн хүчирхийлэлтэй тэмцэх хамтарсан баг” /цаашид “хамтарсан баг” гэх/” гэснийг ““хамтарсан баг”” гэж, 20 дугаар зүйлийн 20.3 дахь хэсгийн “эрүүл мэндийн” гэснийг “санхүү, төсвийн” гэж тус тус өөрчилсүгэй.

5 дугаар зүйл.Гэр бүлийн хүчирхийлэлтэй тэмцэх тухай хуулийн

12 дугаар зүйлийн 12.2.4 дэх заалтыг, 21 дүгээр зүйлийн 21.1.2, 21.1.4 дэх заалтыг тус тус хүчингүй болсонд тооцсугай.

6 дугаар зүйл.Энэ хуулийг Хүүхэд хамгааллын тухай хууль

/Шинэчилсэн найруулга/ хүчин төгөлдөр болсон өдрөөс эхлэн дагаж мөрдөнө.

МОНГОЛ УЛСЫН ИХ ХУРЛЫН ДАРГА Г.ЗАНДАНШАТАР

᠒᠐᠒᠔ ᠣᠨ ᠤ᠋ ᠐᠑ ᠳ᠋ᠣᢈᠡᠷ ᠰᠠᠷ ᠠ ᠶ᠋ᠢᠨ ᠑᠗᠆ᠤ᠋ ᠡᠳᠦᠷ ᠦᠯᠠᠭᠠᠨᠪᠡᠭᠠᠲᠤᠷ ᠬᠣᠲᠠ

ᢉᠡᠷ ᠪᠦᠯᠢ ᠶ᠋ᠢᠨ ᢈᠦᠴᠦᠷᢈᠡᠶᠢᠯᠡᠯ ᠲᠡᠢ

ᠲᠡᠮᠡᠴᠡᢈᠦ ᠲᠤᠬᠠᠢ ᠬᠠᠤᠯᠢ ᠳ᠋ᠤ ᠨᠡᠮᠡᠯᠲᠡ᠂

ᠥᢉᠡᠷᠡᠴᠢᠯᠡᠯᠲᠡ ᠣᠷᠤᠭᠤᠯᠬᠤ ᠲᠤᠬᠠᠢ

᠑ ᠳ᠋ᠦᢉᠡᠷ ᠵᠦᠶᠢᠯ᠃ᢉᠡᠷ ᠪᠦᠯᠢ ᠶ᠋ᠢᠨ ᢈᠦᠴᠦᠷᢈᠡᠶᠢᠯᠡᠯ ᠲᠡᠢ ᠲᠡᠮᠡᠴᠡᢈᠦ ᠲᠤᠬᠠᠢ ᠬᠠᠤᠯᠢ ᠳ᠋ᠤ ᠳᠣᠣᠷ ᠠ ᠳᠤᠷᠠᠳᠤᠭᠰᠠᠨ ᠠᠭᠤᠯᠭ ᠠ ᠲᠠᠢ ᠳᠠᠷᠠᠭᠠᢈᠢ ᢈᠡᠰᠡᢉ ᠨᠡᠮᠡᠰᠦᢉᠡᠢ:

᠑/᠒᠐ ᠳ᠋ᠤᠭᠠᠷ ᠵᠦᠶᠢᠯ ᠦ᠋ᠨ ᠒᠐᠂᠔ ᠳ᠋ᠡᢈᠢ ᢈᠡᠰᠡᢉ:

«᠒᠐᠂᠔᠂ᢈᠡᠦᢈᠡᠳ᠂ ᢉᠡᠷ ᠪᠦᠯᠢ ᠶ᠋ᠢᠨ ᢈᠦᢉᠵᠢᠯ ᠦ᠋ᠨ ᠠᠰᠠᠭᠤᠳᠠᠯ ᠬᠠᠷᠢᠭᠤᠴᠠᠭᠰᠠᠨ ᠲᠥᠷᠦ ᠶ᠋ᠢᠨ ᠵᠠᢈᠢᠷᠭᠠᠨ ᠤ᠋ ᠪᠣᠯᠤᠨ ᠣᠷᠤᠨ ᠨᠤᠲᠤᠭ ᠤ᠋ᠨ ᠪᠡᠶᠢᠭᠤᠯᠤᠯᠭ ᠠ ᠨᠢ

ᠬᠠᠮᠲᠤᠷᠠᠭᠰᠠᠨ ᠪᠡᠭ ᠤ᠋ᠨ ᢈᠡᠦᢈᠡᠳ ᠬᠠᠮᠠᠭᠠᠯᠠᠯ ᠤ᠋ᠨ ᠦᠢᠯᠡᠴᠢᠯᠡᢉᠡ ᠦᠵᠡᢉᠦᠯᢈᠦ ᠦᠶᠢᠯᠡ ᠠᠵᠢᠯᠯᠠᠭ ᠠ ᠶ᠋ᠢ ᠮᠡᠷᢉᠡᠵᠢᠯ᠂ ᠠᠷᠭ ᠠ ᠵᠦᠢ ᠶ᠋ᠢᠨ ᠦᠳᠤᠷᠢᠳᠤᠯᠭ ᠠ ᠪᠡᠷ ᠬᠠᠩᠭᠠᠬᠤ᠂

ᠲᠤᠰᠠᠯᠠᠯᠴᠠᠭ ᠠ᠂ ᠳᠡᠮᠵᠢᠯᢉᠡ ᠦᠵᠡᢉᠦᠯᢈᠦ᠂ ᢈᠢᠨᠠᠯᠲᠠ ᠲᠠᠯᠪᠢᠬᠤ᠂ ᠴᠢᢉᠯᠡᠯ ᠥᢉᠴᠦ ᠠᠵᠢᠯᠯᠠᠨ ᠠ᠃»

᠒/᠓᠐ ᠳ᠋ᠤᠭᠠᠷ ᠵᠦᠶᠢᠯ ᠦ᠋ᠨ ᠓᠐᠂᠑᠑ ᠳ᠋ᠡᢈᠢ ᢈᠡᠰᠡᢉ:

«᠓᠐᠂᠑᠑᠂ᢈᠡᠦᢈᠡᠳ ᠦ᠋ᠨ ᠲᠦᠷ ᠬᠠᠮᠠᠭᠠᠯᠠᠨ ᠪᠡᠶᠢᠷᠢᠯᠠᠭᠤᠯᠬᠤ ᠦᠶᠢᠯᠡᠴᠢᠯᠡᢉᠡ ᠶ᠋ᠢ ᠲᠥᠷᠦᠯᠵᠢᢉᠦᠯᠦᠨ ᠵᠣᢈᠢᠶᠠᠨ ᠪᠡᠶᠢᠭᠤᠯᠵᠤ ᠪᠣᠯᠤᠨ ᠠ᠃»

᠒ ᠳ᠋ᠤᠭᠠᠷ ᠵᠦᠶᠢᠯ᠃ᢉᠡᠷ ᠪᠦᠯᠢ ᠶ᠋ᠢᠨ ᢈᠦᠴᠦᠷᢈᠡᠶᠢᠯᠡᠯ ᠲᠡᠢ ᠲᠡᠮᠡᠴᠡᢈᠦ ᠲᠤᠬᠠᠢ ᠬᠠᠤᠯᠢ ᠶ᠋ᠢᠨ ᠓᠕ ᠳ᠋ᠤᠭᠠᠷ ᠵᠦᠶᠢᠯ ᠦ᠋ᠨ ᠓᠕᠂᠒ ᠳ᠋ᠠᢈᠢ ᢈᠡᠰᠡᢉ ᠲᠦ «ᠲᠥᠷᠦ ᠶ᠋ᠢᠨ

ᠪᠡᠶᠢᠭᠤᠯᠤᠯᠭ ᠠ ᠶ᠋ᠢᠨ ᠬᠠᠷᠢᠶᠠᠨ ᠳ᠋ᠤ ᠪᠡᠶᠢᠭᠤᠯᠤᠭᠰᠠᠨ ᠲᠦᠷ ᠬᠠᠮᠠᠭᠠᠯᠠᠬᠤ ᠪᠡᠶᠢᠷᠢ ᠶ᠋ᠢᠨ ᠦᠷᠤᠰᠬᠠᠯ ᠵᠠᠷᠤᠳᠠᠯ᠂ ᠲᠦᠷ ᠬᠠᠮᠠᠭᠠᠯᠠᠨ ᠪᠡᠶᠢᠷᠢᠯᠠᠭᠤᠯᠵᠤ ᠡᠨᠡ ᠬᠠᠤᠯᠢ ᠳ᠋ᠤ ᠵᠢᠭᠠᠭᠰᠠᠨ

ᠦᠶᠢᠯᠡᠴᠢᠯᠡᢉᠡ ᠦᠵᠡᢉᠦᠯᢈᠦ ᠵᠠᠷᠤᠳᠠᠯ ᠢ᠋ ᠲᠤᠬᠠᠢ ᠶ᠋ᠢᠨ ᠪᠡᠶᠢᠭᠤᠯᠤᠯᠭ ᠠ ᠬᠠᠷᠢᠭᠤᠴᠠᠨ ᠠ᠃» ᢉᠡᠰᠡᠨ ᠬᠣᠶᠠᠷᠳᠠᢈᠢ ᠥᢉᠦᠯᠡᠪᠣᠷᠢ ᠨᠡᠮᠡᠰᠦᢉᠡᠢ᠃

᠓ ᠳ᠋ᠤᠭᠠᠷ ᠵᠦᠶᠢᠯ᠃ᢉᠡᠷ ᠪᠦᠯᠢ ᠶ᠋ᠢᠨ ᢈᠦᠴᠦᠷᢈᠡᠶᠢᠯᠡᠯ ᠲᠡᠢ ᠲᠡᠮᠡᠴᠡᢈᠦ ᠲᠤᠬᠠᠢ ᠬᠠᠤᠯᠢ ᠶ᠋ᠢᠨ ᠳᠠᠷᠠᠭᠠᢈᠢ ᢈᠡᠰᠡᢉ᠂ ᠵᠢᠭᠠᠯᠲᠠ ᠶ᠋ᠢ ᠳᠣᠣᠷ ᠠ ᠳᠤᠷᠠᠳᠤᠭᠰᠠᠨ ᠢ᠋ᠶᠠᠷ

ᠥᢉᠡᠷᠡᠴᠢᠯᠡᠨ ᠨᠠᠶᠢᠷᠠᠭᠤᠯᠰᠤᠭᠠᠢ:

᠑/᠑᠘ ᠳ᠋ᠤᠭᠠᠷ ᠵᠦᠶᠢᠯ ᠦ᠋ᠨ ᠑᠘᠂᠑᠂᠒ ᠳ᠋ᠠᢈᠢ ᠵᠢᠭᠠᠯᠲᠠ:

«᠑᠘᠂᠑᠂᠒᠂ᠵᠠᠰᠠᠭ ᠳᠠᠷᠤᠭ ᠠ ᠶ᠋ᠢᠨ ᠡᠷᢈᠦᠨ ᠮᠡᠳᠡᢉᠦᠯᠦᢉᠰᠡᠨ ᠢ᠋ᠶᠡᠷ ᠬᠠᠷᠢᠶᠠᠯᠠᠬᠤ ᠨᠤᠲᠤᠭ ᠳᠡᠪᠢᠰᢈᠡᠷ ᠲᠦ ᠪᠡᠨ ᢈᠡᠷᠡᢉᠵᠢᢉᠦᠯᢈᠦ ᢉᠡᠷ ᠪᠦᠯᠢ ᠶ᠋ᠢᠨ

ᢈᠦᠴᠦᠷᢈᠡᠶᠢᠯᠡᠯ ᠲᠡᠢ ᠲᠡᠮᠡᠴᠡᢈᠦ ᠦᠢᠯᠡ ᠠᠵᠢᠯᠯᠠᠭᠠᠨ ᠤ᠋ ᠵᠠᠷᠤᠳᠠᠯ᠂ ᠨᠢᢉᠡ ᠴᠡᢉ ᠦ᠋ᠨ ᠦᠢᠯᠡᠴᠢᠯᠡᢉᠡᠨ ᠦ᠋ ᠲᠥᠪ᠂ ᠲᠦᠷ ᠬᠠᠮᠠᠭᠠᠯᠠᠬᠤ ᠪᠡᠶᠢᠷᠢ ᠶ᠋ᠢᠨ ᠦᠷᠤᠰᠬᠠᠯ ᠵᠠᠷᠤᠳᠠᠯ᠂

Moehgo& Folo_ oa HeolI

ᠬᠠᠮᠲᠤᠷᠠᠭᠰᠠᠨ ᠪᠡᠭ ᠤ᠋ᠨ ᠦᠢᠯᠡ ᠠᠵᠢᠯᠯᠠᠭᠠᠨ ᠤ᠋ ᠵᠠᠷᠤᠳᠠᠯ᠂ ᠬᠣᢈᠢᠷᠠᠭᠴᠢ ᠳ᠋ᠤ ᠦᠢᠯᠡᠴᠢᠯᠡᢉᠡ ᠦᠵᠡᢉᠦᠯᢈᠦ ᠲᠡᠢ ᠬᠣᠯᠪᠣᠭᠳᠠᠭᠰᠠᠨ ᠵᠠᠷᠤᠳᠠᠯ ᠢ᠋ ᠲᠤᠬᠠᠢ ᠶ᠋ᠢᠨ ᠣᠷᠤᠨ

ᠨᠤᠲᠤᠭ ᠤ᠋ᠨ ᠲᠥᠰᠦᠪ ᠲᠦ ᠲᠤᠰᠬᠠᠨ ᠪᠡᠲᠤᠯᠠᠬᠤ᠂ ᢉᠦᠶᠢᠴᠡᠳᢈᠡᠯ ᠦ᠋ᠨ ᠲᠠᠶᠢᠯᠤᠨ ᠢ᠋ ᢈᠡᠯᠡᠯᠴᠡᢈᠦ;»

᠒/᠑᠙ ᠳ᠋ᠦᢉᠡᠷ ᠵᠦᠶᠢᠯ ᠦ᠋ᠨ ᠑᠙᠂᠑᠂᠕ ᠳ᠋ᠠᢈᠢ ᠵᠢᠭᠠᠯᠲᠠ:

«᠑᠙᠂᠑᠂᠕᠂ᠲᠤᠬᠠᠢ ᠶ᠋ᠢᠨ ᠱᠠᠲᠤᠨ ᠤ᠋ ᠵᠢᠯ ᠦ᠋ᠨ ᠲᠥᠰᠦᠪ ᠦ᠋ᠨ ᠲᠥᠰᠦᠯ ᠳ᠋ᠦ ᠨᠢᢉᠡ ᠴᠡᢉ ᠦ᠋ᠨ ᠦᠢᠯᠡᠴᠢᠯᠡᢉᠡᠨ ᠦ᠋ ᠲᠥᠪ᠂ ᠲᠦᠷ ᠬᠠᠮᠠᠭᠠᠯᠠᠬᠤ

ᠪᠡᠶᠢᠷᠢ ᠶ᠋ᠢᠨ ᠦᠷᠤᠰᠬᠠᠯ ᠵᠠᠷᠤᠳᠠᠯ᠂ ᠬᠠᠮᠲᠤᠷᠠᠭᠰᠠᠨ ᠪᠡᠭ ᠤ᠋ᠨ ᠦᠢᠯᠡ ᠠᠵᠢᠯᠯᠠᠭᠠᠨ ᠤ᠋ ᠵᠠᠷᠤᠳᠠᠯ᠂ ᠬᠣᢈᠢᠷᠠᠭᠴᠢ ᠳ᠋ᠤ ᠦᠶᠢᠯᠡᠴᠢᠯᠡᢉᠡ ᠦᠵᠡᢉᠦᠯᢈᠦ ᠲᠡᠢ ᠬᠣᠯᠪᠣᠭᠳᠠᠭᠰᠠᠨ

ᠵᠠᠷᠤᠳᠠᠯ ᠢ᠋ ᠲᠤᠰᠬᠠᠵᠤ᠂ ᠢᠷᢉᠡᠳ ᠦ᠋ᠨ ᠲᠥᠯᠦᢉᠡᠯᠡᢉᠴᠢᠳ ᠦ᠋ᠨ ᠬᠤᠷᠠᠯ ᠳ᠋ᠤ ᠡᠷᢉᠦᠨ ᠮᠡᠳᠡᢉᠦᠯᢈᠦ᠂ ᢉᠦᠶᠢᠴᠡᠳᢈᠡᠯ ᠢ᠋ ᠲᠠᠶᠢᠯᠤᠩᠨᠠᠬᠤ;»

᠓/᠒᠐ ᠳ᠋ᠤᠭᠠᠷ ᠵᠦᠶᠢᠯ ᠦ᠋ᠨ ᠒᠐᠂᠑ ᠳ᠋ᠡᢈᠢ ᢈᠡᠰᠡᢉ:

«᠒᠐᠂᠑᠂ᠬᠠᠮᠲᠤᠷᠠᠭᠰᠠᠨ ᠪᠡᠭ ᠨᠢ ᠡᠷᠦᢈᠡ ᠶ᠋ᠢᠨ ᠡᠮᠴᠢ᠂ ᠰᠤᠮᠤ ᠪᠣᠯᠤᠨ ᠬᠣᠷᠢᠶᠠᠨ ᠤ᠋ ᠨᠡᠶᠢᢉᠡᠮ ᠦ᠋ᠨ ᠠᠵᠢᠯᠲᠠᠨ᠂ ᠰᠤᠷᠭᠠᠭᠤᠯᠢ ᠶ᠋ᠢᠨ᠂ ᠨᠡᠶᠢᢉᠡᠮ ᠦ᠋ᠨ ᠬᠠᠯᠠᠮᠵᠢ ᠶ᠋ᠢᠨ

ᠪᠣᠯᠤᠨ ᢈᠡᠦᢈᠡᠳ᠂ ᢉᠡᠷ ᠪᠦᠯᠢ ᠶ᠋ᠢᠨ ᠨᠡᠶᠢᢉᠡᠮ ᠦ᠋ᠨ ᠠᠵᠢᠯᠲᠠᠨ᠂ ᠴᠠᠭᠳᠠᠭ ᠠ ᠶ᠋ᠢᠨ ᠠᠯᠪᠠ ᠬᠠᠭᠠᠭᠴᠢ᠂ ᠡᠨᠡ ᠴᠢᢉᠯᠡᠯ ᠢ᠋ᠶᠡᠷ ᠦᠶᠢᠯᠡᠴᠢᠯᠡᢉᠡ ᠦᠵᠡᢉᠦᠯᠳᠡᢉ ᠲᠥᠷᠦ ᠶ᠋ᠢᠨ ᠪᠣᠰᠤ

ᠪᠡᠶᠢᠭᠤᠯᠤᠯᠭ ᠠ ᠶ᠋ᠢᠨ ᠲᠥᠯᠦᢉᠡᠯᠡᠯ ᠡᠴᠡ ᠪᠦᠷᠢᠳᢈᠦ ᠪᠦᢉᠡᠳ ᠬᠠᠮᠲᠤᠷᠠᠭᠰᠠᠨ ᠪᠡᠭ ᠢ᠋ ᠲᠤᠬᠠᠢ ᠶ᠋ᠢᠨ ᠰᠤᠮᠤ᠂ ᠪᠡᠭ᠂ ᠬᠣᠷᠢᠶᠠᠨ ᠤ᠋ ᠵᠠᠰᠠᠭ ᠳᠠᠷᠤᠭ ᠠ ᠠᠬᠠᠯᠠᠨ ᠠ᠃»

᠔ ᠳ᠋ᠦᢉᠡᠷ ᠵᠦᠶᠢᠯ᠃ᢉᠡᠷ ᠪᠦᠯᠢ ᠶ᠋ᠢᠨ ᢈᠦᠴᠦᠷᢈᠡᠶᠢᠯᠡᠯ ᠲᠡᠢ ᠲᠡᠮᠡᠴᠡᢈᠦ ᠲᠤᠬᠠᠢ ᠬᠠᠤᠯᠢ ᠶ᠋ᠢᠨ ᠕ ᠳ᠋ᠤᠭᠠᠷ ᠵᠦᠶᠢᠯ ᠦ᠋ᠨ ᠕᠂᠑᠂᠔ ᠳ᠋ᠡᢈᠢ ᠵᠢᠭᠠᠯᠲᠠ ᠶ᠋ᠢᠨ ««ᢉᠡᠷ ᠪᠦᠯᠢ ᠶ᠋ᠢᠨ

ᢈᠦᠴᠦᠷᢈᠡᠶᠢᠯᠡᠯ ᠲᠡᠢ ᠲᠡᠮᠡᠴᠡᢈᠦ ᠬᠠᠮᠲᠤᠷᠠᠭᠰᠠᠨ ᠪᠡᠭ» /ᠴᠢᠨᠠᠬᠰᠢᠳᠠ «ᠬᠠᠮᠲᠤᠷᠠᠭᠰᠠᠨ ᠪᠡᠭ» ᢉᠡᢈᠦ/» ᢉᠡᠰᠡᠨ ᠢ᠋ ««ᠬᠠᠮᠲᠤᠷᠠᠭᠰᠠᠨ ᠪᠡᠭ»» ᢉᠡᠵᠦ᠂ ᠒᠐ ᠳ᠋ᠤᠭᠠᠷ ᠵᠦᠶᠢᠯ ᠦ᠋ᠨ

᠒᠐᠂᠓ ᠳ᠋ᠠᢈᠢ ᢈᠡᠰᠡᢉ ᠦ᠋ᠨ «ᠡᠷᠡᢉᠦᠯ ᠮᠡᠨᠳᠦ ᠶ᠋ᠢᠨ» ᢉᠡᠰᠡᠨ ᠢ᠋ «ᠰᠠᠩᢈᠦᠦ᠂ ᠲᠥᠰᠦᠪ ᠦ᠋ᠨ» ᢉᠡᠵᠦ ᠲᠤᠰ ᠲᠤᠰ ᠥᢉᠡᠷᠡᠴᠢᠯᠡᠰᠦᢉᠡᠢ᠃

᠕ ᠳ᠋ᠤᠭᠠᠷ ᠵᠦᠶᠢᠯ᠃ᢉᠡᠷ ᠪᠦᠯᠢ ᠶ᠋ᠢᠨ ᢈᠦᠴᠦᠷᢈᠡᠶᠢᠯᠡᠯ ᠲᠡᠢ ᠲᠡᠮᠡᠴᠡᢈᠦ ᠲᠤᠬᠠᠢ ᠬᠠᠤᠯᠢ ᠶ᠋ᠢᠨ ᠑᠒ ᠳ᠋ᠤᠭᠠᠷ ᠵᠦᠶᠢᠯ ᠦ᠋ᠨ ᠑᠒᠂᠒᠂᠔ ᠳ᠋ᠡᢈᠢ ᠵᠢᠭᠠᠯᠲᠠ ᠶ᠋ᠢ᠂ ᠒᠑ ᠳ᠋ᠦᢉᠡᠷ

ᠵᠦᠶᠢᠯ ᠦ᠋ᠨ ᠒᠑᠂᠑᠂᠒᠂ ᠒᠑᠂᠑᠂᠔ ᠳ᠋ᠡᢈᠢ ᠵᠢᠭᠠᠯᠲᠠ ᠶ᠋ᠢ ᠲᠤᠰ ᠲᠤᠰ ᢈᠦᠴᠦᠨ ᠦᢉᠡᠢ ᠪᠣᠯᠤᠭᠰᠠᠨ ᠳ᠋ᠤ ᠲᠣᠭᠠᠴᠠᠰᠤᠭᠠᠢ᠃

᠖ ᠳ᠋ᠤᠭᠠᠷ ᠵᠦᠶᠢᠯ᠃ᠡᠨᠡ ᠬᠠᠤᠯᠢ ᠶ᠋ᠢ ᢈᠡᠦᢈᠡᠳ ᠬᠠᠮᠠᠭᠠᠯᠠᠯ ᠤ᠋ᠨ ᠲᠤᠬᠠᠢ ᠬᠠᠤᠯᠢ /ᠰᠢᠨᠡᠴᠢᠯᠡᢉᠰᠡᠨ ᠨᠠᠶᠢᠷᠠᠭᠤᠯᠭ ᠠ/ ᢈᠦᠴᠦᠨ ᠲᠡᢉᠦᠯᠳᠡᠷ ᠪᠣᠯᠤᠭᠰᠠᠨ ᠡᠳᠦᠷ ᠡᠴᠡ ᠡᢈᠢᠯᠡᠨ

ᠳᠠᠭᠠᠵᠤ ᠮᠥᠷᠳᠡᠨ ᠡ᠃

ᠮᠣᠩᠭᠤᠯ ᠦᠯᠤᠰ ᠤ᠋ᠨ

ᠶᠡᢈᠡ ᠬᠤᠷᠠᠯ ᠤ᠋ᠨ ᠳᠠᠷᠤᠭ ᠠ ᠭᠣ ᠂ᠽᠠᠨᠳᠠᠨᠰᠢᠲᠠᠷ ᠠ

Төрийн мэдээлэл · 2024 · № 30 (1326)2766–2769-р хуудас