Мал, амьтны эрүүл мэндийн тухай хуульд өөрчлөлт оруулах тухай
᠓᠖᠂᠔᠂ᢉᠡᠷ ᠦ᠋ᠨ ᠲᠡᠵᠢᢉᠡᠪᠦᠷᠢ ᠠᠮᠢᠲᠠᠨ ᠪᠦᠰᠤᠳ ᠤ᠋ᠨ ᠡᠷᠡᢉᠦᠯ ᠮᠡᠨᠳᠦ ᠳ᠋ᠦ ᢈᠥᠨᠳᠦ ᢉᠡᠮᠲᠦᠯ ᠤᠴᠠᠷᠠᠭᠤᠯᠤᠭᠰᠠᠨ ᠪᠦᠯ ᠡᠷᢈᠡ ᠪᠦᢈᠦᠢ ᠪᠡᠶᠢᠭᠤᠯᠤᠯᠭ ᠠ ᠶ᠋ᠢᠨ
ᠰᠢᠢᠳᠪᠦᠷᠢ ᠶ᠋ᠢ ᠦᠨᠳᠦᠰᠦᠯᠡᠨ ᠮᠠᠯ ᠡᠮᠨ᠋ᠡᠯᢉᠡ ᠶ᠋ᠢᠨ ᠤᠶᠢᠯᠡᠴᠢᠯᠡᢉᠡᠨ ᠦ᠋ ᠨᠢᢉᠡᠴᠡ ᠲᠤᠬᠠᠢ ᠶ᠋ᠢᠨ ᠠᠮᠢᠲᠠᠨ ᠢ᠋ ᠠᠯᠪᠡᠳᠠᠨ ᠤᠨᠲᠠᠭᠤᠯᠬᠤ ᠠᠷᠭ ᠠ ᢈᠡᠮᠵᠢᠶ ᠡ ᠠᠪᠬᠤ ᠪᠠ ᠤᠨᠲᠠᠭᠤᠯᠬᠤ ᠳ᠋ᠤ
ᠭᠠᠷᠤᠭᠰᠠᠨ ᠵᠠᠷᠤᠳᠠᠯ ᠢ᠋ ᠠᠰᠠᠷᠠᠨ ᠬᠠᠮᠠᠭᠠᠯᠠᠭᠴᠢ ᠬᠠᠷᠢᠭᠤᠴᠠᠨ ᠠ᠃
᠓᠗ ᠳ᠋ᠤᠭᠠᠷ ᠵᠦᠶᠢᠯ᠃ᢉᠡᠷ ᠦ᠋ᠨ ᠲᠡᠵᠢᢉᠡᠪᠦᠷᠢ ᠠᠮᠢᠲᠠᠨ ᠤ᠋ ᠡᠰᠡᠷᢉᠦ ᢈᠥᠴᠦᠷᢈᠡᠶᠢᠯᠡᠯ ᠢ᠋ ᠰᠤᠷᠲᠠᠯᠴᠢᠯᠠᠬᠤ ᠶ᠋ᠢ ᠬᠣᠷᠢᠭᠯᠠᠬᠤ
᠓᠗᠂᠑᠂ᠣᠯᠠᠨ ᠨᠡᠶᠢᠲᠡ ᠶ᠋ᠢᠨ ᢈᠡᠪᠯᠡᠯ ᠮᠡᠳᠡᢉᠡᠯᠡᠯ ᠦ᠋ᠨ ᢈᠡᠷᠡᢉᠰᠡᠯ᠂ ᠴᠠᢈᠢᠮ ᠣᠷᠴᠢᠨ ᠳ᠋ᠤ ᢉᠡᠷ ᠦ᠋ᠨ ᠲᠡᠵᠢᢉᠡᠪᠦᠷᠢ ᠠᠮᠢᠲᠠᠨ ᠤ᠋ ᠡᠰᠡᠷᢉᠦ ᢈᠥᠴᠦᠷᢈᠡᠶᠢᠯᠡᠯ ᠢ᠋
ᠰᠤᠷᠲᠠᠯᠴᠢᠯᠠᠭᠰᠠᠨ᠂ ᠤᠷᠢᠶᠠᠯᠠᠭᠰᠠᠨ᠂ ᠥᢉᠡᢉᠰᠢᢉᠦᠯᠦᠨ ᠳᠡᠮᠵᠢᢉᠰᠡᠨ᠂ ᠡᠳᠦᢉᠡᠨ ᠲᠤᠷᢈᠢᠷᠠᠭᠰᠠᠨ ᠵᠢᠷᠤᠭ᠂ ᠳᠠᠭᠤᠨ ᠤ᠋᠂ ᠳᠦᠷᠰᠦᠨ ᠦ᠋᠂ ᠳᠠᠭᠤᠤ- ᠳᠦᠷᠰᠦᠨ ᠦ᠋ ᠪᠢᠴᠢᠯᢉᠡ᠂
ᠨᠡᠪᠲᠡᠷᠡᢉᠦᠯᢉᠡ᠂ ᠮᠡᠳᠡᢉᠡ ᠪᠦᠲᠦᢉᠡᢈᠦ᠂ ᠨᠡᠶᠢᠲᠡᠯᠡᢈᠦ᠂ ᠪᠡᠶᠢᠷᠢᠯᠠᠭᠤᠯᠬᠤ᠂ ᠲᠦᢉᠡᢉᠡᢈᠦ ᠶ᠋ᠢ ᠬᠣᠷᠢᠭᠯᠠᠨ ᠠ᠃
᠓᠘ ᠳ᠋ᠤᠭᠠᠷ ᠵᠦᠶᠢᠯ᠃ᢉᠡᠷ ᠦ᠋ᠨ ᠲᠡᠵᠢᢉᠡᠪᠦᠷᠢ ᠠᠮᠢᠲᠠᠨ ᠤ᠋ ᠲᠡᢉᠦᢈᠡᠢ ᠡᠳ᠋ ᠢ᠋ ᠬᠤᠳᠠᠯᠳᠤᠬᠤ᠂ ᠬᠤᠳᠠᠯᠳᠤᠨ ᠠᠪᠬᠤ ᠶ᠋ᠢ ᠬᠣᠷᠢᠭᠯᠠᠬᠤ
᠓᠘᠂᠑᠂ᢉᠡᠷ ᠦ᠋ᠨ ᠲᠡᠵᠢᢉᠡᠪᠦᠷᠢ ᠠᠮᠢᠲᠠᠨ ᠤ᠋ ᠭᠠᠷᠤᠯ ᠲᠠᠢ ᠲᠡᢉᠦᢈᠡᠢ ᠡᠳ᠋᠂ ᠪᠦᠲᠦᢉᠡᢉᠳᠡᢈᠦᠨ ᠢ᠋ ᠠᠰᠢᠭ ᠣᠯᠬᠤ ᠵᠣᠷᠢᠯᠭ ᠠ ᠪᠡᠷ ᠪᠦᠯᠪᠡᠰᠤᠷᠠᠭᠤᠯᠬᠤ᠂ ᠬᠤᠳᠠᠯᠳᠤᠬᠤ᠂
ᠬᠤᠳᠠᠯᠳᠤᠨ ᠠᠪᠬᠤ ᠶ᠋ᠢ ᠬᠣᠷᠢᠭᠯᠠᠨ ᠠ᠃
᠓᠙ ᠳ᠋ᠦᢉᠡᠷ ᠵᠦᠶᠢᠯ᠃ᠢᠷᢉᠡᠨ᠂ ᠬᠠᠤᠯᠢ ᠶ᠋ᠢᠨ ᠡᠲᠡᢉᠡᠳ ᠦ᠋ᠨ ᠡᢉᠦᠷᢉᠡ᠂ ᠣᠷᠤᠯᠴᠠᠭ ᠠ
᠓᠙᠂᠑᠂ᢉᠡᠷ ᠦ᠋ᠨ ᠲᠡᠵᠢᢉᠡᠪᠦᠷᠢ ᠠᠮᠢᠲᠠᠨ ᠤ᠋ ᠡᠷᢈᠡ ᠶ᠋ᠢ ᠬᠠᠮᠠᠭᠠᠯᠠᠬᠤ ᠲᠠᠯ ᠡ ᠪᠡᠷ ᠢᠷᢉᠡᠨ᠂ ᠬᠠᠤᠯᠢ ᠶ᠋ᠢᠨ ᠡᠲᠡᢉᠡᠳ ᠨᠢ ᠳᠠᠷᠠᠭᠠᢈᠢ ᠡᢉᠦᠷᢉᠡ ᢈᠥᠯᠢᠶᠡᠨ ᠡ:
᠓᠙᠂᠑᠂᠑᠂ᢉᠡᠷ ᠦ᠋ᠨ ᠲᠡᠵᠢᢉᠡᠪᠦᠷᠢ ᠠᠮᠢᠲᠠᠨ ᠤ᠋ ᠡᠰᠡᠷᢉᠦ ᢈᠥᠴᠦᠷᢈᠡᠶᠢᠯᠡᠯ ᠦ᠋ᠨ ᠲᠠᠯ ᠡ ᠪᠡᠷ ᠡᠷᢈᠡ ᠪᠦᢈᠦᠢ ᠪᠡᠶᠢᠭᠤᠯᠤᠯᠭ ᠠ ᠳ᠋ᠤ ᠭᠣᠮᠤᠳᠠᠯ᠂ ᠮᠡᠳᠡᢉᠡᠯᠡᠯ ᠭᠠᠷᠭᠠᠬᠤ;
᠓᠙᠂᠑᠂᠒᠂ᠠᠰᠠᠷᠠᠨ ᠬᠠᠮᠠᠭᠠᠯᠠᠭᠴᠢ᠂ ᠲᠦᠷ ᠬᠠᠷᠠᠭᠴᠢ ᠶ᠋ᠢ ᢉᠡᠷ ᠦ᠋ᠨ ᠲᠡᠵᠢᢉᠡᠪᠦᠷᠢ ᠠᠮᠢᠲᠠᠨ ᠲᠡᠵᠢᢉᠡᢉᠰᠡᠨ ᠦ᠋ ᢈᠢ ᠨᠢ ᠲᠥᠯᠦᢉᠡ ᠢᠯᠭᠠᠪᠦᠷᠢᠯᠠᠨ
ᠭᠠᠳᠠᠭᠤᠷᠬᠠᠬᠤ ᠦᢉᠡᠢ ᠪᠡᠶᠢᠬᠤ;
᠓᠙᠂᠑᠂᠓᠂ᠠᠰᠠᠷᠠᠨ ᠬᠠᠮᠠᠭᠠᠯᠠᠭᠴᠢ᠂ ᠲᠦᠷ ᠬᠠᠷᠠᠭᠴᠢ ᠳ᠋ᠤ ᠡᠨ᠋ᠡ ᠬᠠᠤᠯᠢ ᠳ᠋ᠤ ᠵᠢᠭᠠᠭᠰᠠᠨ ᠡᢉᠦᠷᢉᠡ ᠪᠡᠨ ᠪᠡᠶᠡᠯᠡᢉᠦᠯᢈᠦ ᠱᠠᠭᠠᠷᠳᠠᠯᠭ ᠠ ᠲᠠᠯᠪᠢᠬᠤ᠃
᠓᠙᠂᠒᠂ᠢᠷᢉᠡᠨ ᠪᠦᠰᠤᠳ ᠤ᠋ᠨ ᢉᠡᠷ ᠦ᠋ᠨ ᠲᠡᠵᠢᢉᠡᠪᠦᠷᠢ ᠠᠮᠢᠲᠠᠨ ᠢ᠋ ᠪᠡᠶ ᠡ ᠪᠡᠨ ᠬᠠᠮᠠᠭᠠᠯᠠᠬᠤ ᠰᠡᠳᠡᠯ ᠲᠥᠷᠦᢉᠦᠯᢈᠦᠶᠢᠴᠡ ᠤᠶᠢᠯᠡᠳᠦᠯ ᠭᠠᠷᠬᠠᠬᠤ ᠶ᠋ᠢ ᠬᠣᠷᠢᠭᠯᠠᠨ ᠠ᠃
᠓᠙᠂᠓᠂ᢈᠥᠮᠦᠨ᠂ ᠬᠠᠤᠯᠢ ᠶ᠋ᠢᠨ ᠡᠲᠡᢉᠡᠳ ᢉᠡᠷ ᠦ᠋ᠨ ᠲᠡᠵᠢᢉᠡᠪᠦᠷᠢ ᠠᠮᠢᠲᠠᠨ ᠢ᠋ ᠰᠤᠭᠤᠯᠤᠭ ᠠ᠂ ᠱᠠᠩᠨ᠋ᠠᠯ᠂ ᠤᠷᠮᠠᠰᠢᠭᠤᠯᠤᠯ ᠳ᠋ᠤ ᠣᠯᠭᠣᠬᠣ᠂ ᠣᠯᠭᠤᠬᠤ ᠪᠡᠷ ᠠᠮᠠᠯᠠᠬᠤ᠂
ᠰᠤᠷᠲᠠᠯᠴᠢᠯᠠᠬᠤ ᠶ᠋ᠢ ᠬᠣᠷᠢᠭᠯᠠᠨ ᠠ᠃