Зөрчлийн тухай хуульд нэмэлт оруулах тухай
2023 оны 07 дугаар Улаанбаатар
сарын 07-ны өдөр хот
1 дүгээр зүйл.Зөрчлийн тухай хуульд доор дурдсан агуулгатай
17.2 дугаар зүйл нэмсүгэй:
1/17.2 дугаар зүйл:
“17.2 дугаар зүйл.Улс төрийн намын тухай хууль зөрчих
1.Нам нь Улс төрийн намын тухай хуулийн 10.1.6-д заасан
хориглолтыг зөрчиж мөнгөн хөрөнгө авсан бол тухайн мөнгөн дүнг хоёр дахин үржүүлсэнтэй тэнцэх хэмжээний төгрөгөөр торгоно.
2.Нам нь Улс төрийн намын тухай хуулийн 10.1.6-д заасан
хориглолтыг зөрчиж мөнгөн бус хөрөнгө, эсхүл үйлчилгээ авсан бол хууль бусаар авсан хөрөнгө, орлогыг хурааж хорин мянган нэгжтэй тэнцэх хэмжээний төгрөгөөр торгоно.
3.Монгол Улсын иргэд нам үүсгэн байгуулахад дарамт, шахалт
үзүүлэх, хөндлөнгөөс оролцсон бол хүнийг таван мянган нэгжтэй тэнцэх хэмжээний төгрөгөөр, хуулийн этгээдийг таван мянган нэгжтэй тэнцэх хэмжээний төгрөгөөр торгоно.
4.Намын хяналтын байгууллагын хараат бус байдалд хөндлөнгөөс
нөлөөлөхийг оролдсон бол хүнийг таван мянган нэгжтэй тэнцэх хэмжээний төгрөгөөр, хуулийн этгээдийг таван мянган нэгжтэй тэнцэх хэмжээний төгрөгөөр торгоно.
5.Нам хуульд заасны дагуу өөрчлөн байгуулагдсан тохиолдолд
түүний өмч, хөрөнгийг тус намын гишүүн болон бусад иргэн, хуулийн этгээд аливаа хэлбэрээр өмчлөх, үргэлжлүүлэн хэрэглэсэн бол хүнийг мянган нэгжтэй тэнцэх хэмжээний төгрөгөөр, хуулийн этгээдийг хоёр мянган нэгжтэй тэнцэх хэмжээний төгрөгөөр торгоно.
6.Нам нь Улс төрийн намын тухай хуулийн 26.1-д заасан орлогыг
банкны нэг дансаар хүлээн аваагүй бол тухайн орлогын мөнгөн дүнг хоёр дахин үржүүлсэнтэй тэнцэх хэмжээний төгрөгөөр торгоно.
7.Нам нь иргэний болон хуулийн этгээдийн хандивыг бэлэн
мөнгөөр хүлээн авсан бол тухайн мөнгөн дүнг хоёр дахин үржүүлсэнтэй тэнцэх хэмжээний төгрөгөөр торгоно.
8.Нам нь нэг жилд нэг иргэн, хуулийн этгээдээс авах хандивын
дээд хэмжээг хуульд зааснаас хэтрүүлэн авсан бол тухайн хандивын мөнгөн дүнг хоёр дахин үржүүлсэнтэй тэнцэх хэмжээний төгрөгөөр торгоно.
9.Намаас бусад хуулийн этгээд нам гэсэн оноосон нэр хэрэглэсэн
бол хүнийг таван мянган нэгжтэй тэнцэх хэмжээний төгрөгөөр, хуулийн этгээдийг таван мянган нэгжтэй тэнцэх хэмжээний төгрөгөөр торгоно.”
2 дугаар зүйл.Энэ хуулийг Улс төрийн намын тухай хууль
/Шинэчилсэн найруулга/ хүчин төгөлдөр болсон өдрөөс эхлэн дагаж мөрдөнө.
᠒᠐᠒᠓ ᠣᠨ ᠤ᠋ ᠐᠗ ᠳ᠋ᠤᠭᠠᠷ ᠰᠠᠷ ᠠ ᠶ᠋ᠢᠨ ᠐᠗᠆ ᠤ᠋ ᠡᠳᠦᠷ ᠤᠯᠠᠭᠠᠨᠪᠠᠭᠠᠲᠤᠷ ᠬᠣᠲᠠ
ᠵᠥᠷᠢᠴᠡᠯ ᠦ᠋ᠨ ᠲᠤᠬᠠᠢ ᠬᠠᠤᠯᠢ ᠳ᠋ᠤ
ᠨᠡᠮᠡᠯᠲᠡ ᠣᠷᠤᠭᠤᠯᠬᠤ ᠲᠤᠬᠠᠢ
᠑ ᠳ᠋ᠤᢉᠡᠷ ᠵᠦᠶᠢᠯ᠃ᠵᠥᠷᠢᠴᠡᠯ ᠦ᠋ᠨ ᠲᠤᠬᠠᠢ ᠬᠠᠤᠯᠢ ᠳ᠋ᠤ ᠳᠣᠣᠷ ᠠ ᠳᠤᠷᠠᠳᠤᠭᠰᠠᠨ ᠠᠭᠤᠯᠭ ᠠ ᠲᠠᠢ
᠑᠗᠂᠒ ᠳ᠋ᠤᠭᠠᠷ ᠵᠦᠶᠢᠯ ᠨᠡᠮᠡᠰᠤᢉᠡᠢ:
᠑/᠑᠗᠂᠒ ᠳ᠋ᠤᠭᠠᠷ ᠵᠦᠶᠢᠯ:
« ᠑᠗᠂᠒ ᠳ᠋ᠤᠭᠠᠷ ᠵᠦᠶᠢᠯ᠃ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ ᠵᠥᠷᠢᠴᠡᢈᠦ
᠑᠂ᠨᠠᠮ ᠨᠢ ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ ᠶ᠋ᠢᠨ ᠑᠐᠂᠑᠂᠖᠆ ᠳ᠋ᠤ
ᠵᠢᠭᠠᠭᠰᠠᠨ ᠬᠣᠷᠢᠭᠯᠠᠯᠲᠠ ᠶ᠋ᠢ ᠵᠥᠷᠢᠴᠡᠵᠦ ᠮᠥᠩᢉᠦᠨ ᢈᠦᠷᠦᠩᢉᠡ ᠠᠪᠣᠭᠰᠠᠨ ᠪᠣᠯ ᠲᠤᠬᠠᠢ ᠶ᠋ᠢᠨ ᠮᠥᠩᢉᠦᠨ
ᠳ᠋ᠦᠩ ᠢ᠋ ᠬᠣᠶᠠᠷ ᠳᠠᢈᠢᠨ ᠦᠷᠡᠵᠢᢉᠦᠯᠦᢉᠰᠡᠨ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ
ᠲᠣᠷᠭᠠᠨ ᠠ᠃
᠒᠂ᠨᠠᠮ ᠨᠢ ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ ᠶ᠋ᠢᠨ ᠑᠐᠂᠑᠂᠖᠆ ᠳ᠋ᠤ
ᠵᠢᠭᠠᠭᠰᠠᠨ ᠬᠣᠷᠢᠭᠯᠠᠯᠲᠠ ᠶ᠋ᠢ ᠵᠥᠷᠢᠴᠡᠵᠦ ᠮᠥᠩᢉᠦᠨ ᠪᠣᠰᠤ ᢈᠦᠷᠦᠩᢉᠡ᠂ ᠡᠰᠡᢈᠦᠯ ᠡ ᠤᠶᠢᠯᠡᠴᠢᠯᠡᢉᠡ
ᠠᠪᠣᠭᠰᠠᠨ ᠪᠣᠯ ᠬᠠᠤᠯᠢ ᠪᠣᠰᠤ ᠪᠠᠷ ᠠᠪᠣᠭᠰᠠᠨ ᢈᠦᠷᠦᠩᢉᠡ᠂ ᠣᠷᠤᠯᠭ ᠠ ᠶ᠋ᠢ ᠬᠤᠷᠢᠶᠠᠵᠤ ᠬᠣᠷᠢᠨ ᠮᠢᠩᠭᠠᠨ
ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃
᠓᠂ᠮᠣᠩᠭᠣᠯ ᠤᠯᠤᠰ ᠤ᠋ᠨ ᠢᠷᢉᠡᠳ ᠨᠠᠮ ᠡᢉᠦᠰᢈᠡᠨ ᠪᠠᠶᠢᠭᠤᠯᠬᠤ ᠳ᠋ᠤ ᠳᠠᠷᠤᠮᠲᠠ᠂ ᠰᠢᠬᠠᠯᠲᠠ
ᠦᠵᠡᢉᠦᠯᢈᠦ᠂ ᢈᠦᠨᠳᠡᠯᠡᠨ ᠡᠴᠡ ᠣᠷᠤᠯᠴᠠᠭᠰᠠᠨ ᠪᠣᠯ ᢈᠦᠮᠦᠨ ᠢ᠋ ᠲᠠᠪᠣᠨ ᠮᠢᠩᠭᠠᠨ ᠨᠢᢉᠡᠴᠡ ᠲᠡᠢ ᠲᠡᠩᠴᠡᢈᠦ
ᢈᠡᠮᠵᠢᠶᠡᠨ ᠦ᠋ ᠲᠥᢉᠦᠷᠢᢉ ᠢ᠋ᠶᠡᠷ᠂ ᠬᠠᠤᠯᠢ ᠶ᠋ᠢᠨ ᠡᠲᠡᢉᠡᠳ ᠢ᠋ ᠲᠠᠪᠣᠨ ᠮᠢᠩᠭᠠᠨ ᠨᠢᢉᠡᠴᠡ ᠲᠡᠢ ᠲᠡᠩᠴᠡᢈᠦ
ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃
Moehgo& Folo_ oa HeolI
᠔᠂ᠨᠠᠮ ᠤ᠋ᠨ ᢈᠢᠨᠠᠯᠲᠠ ᠶ᠋ᠢᠨ ᠪᠠᠶᠢᠭᠤᠯᠤᠯᠭ ᠠ ᠶ᠋ᠢᠨ ᠬᠠᠷᠠᠭᠠᠲᠤ ᠪᠣᠰᠤ ᠪᠠᠶᠢᠳᠠᠯ ᠳ᠋ᠤ ᢈᠦᠨᠳᠡᠯᠡᠨ ᠡᠴᠡ ᠨᠥᠯᠦᢉᠡᠯᠡᢈᠦ ᠶ᠋ᠢ ᠣᠷᠤᠯᠳᠤᠭᠰᠠᠨ ᠪᠣᠯ ᢈᠦᠮᠦᠨ ᠢ᠋ ᠲᠠᠪᠣᠨ
ᠮᠢᠩᠭᠠᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ᠂ ᠬᠠᠤᠯᠢ ᠶ᠋ᠢᠨ ᠡᠲᠡᢉᠡᠳ ᠢ᠋ ᠲᠠᠪᠣᠨ ᠮᠢᠩᠭᠠᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ
ᠲᠣᠷᠭᠠᠨ ᠠ᠃
᠕᠂ᠨᠠᠮ ᠬᠠᠤᠯᠢ ᠳ᠋ᠤ ᠵᠢᠭᠠᠭᠰᠠᠨ ᠤ᠋ ᠳᠠᠭᠠᠭᠤ ᠥᢉᠡᠷᠡᠴᠢᠯᠡᠨ ᠪᠠᠶᠢᠭᠤᠯᠤᠭᠳᠠᠭᠰᠠᠨ ᠲᠣᢈᠢᠶᠠᠯᠳᠤᠯ ᠳ᠋ᠤ ᠲᠡᢉᠦᠨ ᠦ᠋ ᠥᠮᠴᠢ᠂ ᢈᠦᠷᠦᠩᢉᠡ ᠶ᠋ᠢ ᠲᠤᠰ ᠨᠠᠮ ᠤ᠋ᠨ
ᢉᠡᠰᠢᢉᠦᠨ ᠪᠣᠯᠤᠨ ᠪᠣᠰᠤᠳ ᠢᠷᢉᠡᠨ᠂ ᠬᠠᠤᠯᠢ ᠶ᠋ᠢᠨ ᠡᠲᠡᢉᠡᠳ ᠠᠯᠢᠪᠠ ᢈᠡᠯᠪᠠᠷᠢ ᠪᠠᠷ ᠥᠮᠴᠢᠯᠡᢈᠦ᠂ ᠦᠷᢉᠦᠯᠵᠢᠯᠡᢉᠦᠯᠦᠨ ᢈᠡᠷᠡᢉᠯᠡᢉᠰᠡᠨ ᠪᠣᠯ ᢈᠦᠮᠦᠨ ᠢ᠋ ᠮᠢᠩᠭᠠᠨ ᠨᠢᢉᠡᠴᠡ ᠲᠡᠢ
ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ᠂ ᠬᠠᠤᠯᠢ ᠶ᠋ᠢᠨ ᠡᠲᠡᢉᠡᠳ ᠢ᠋ ᠬᠣᠶᠠᠷ ᠮᠢᠩᠭᠠᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃
᠖᠂ᠨᠠᠮ ᠨᠢ ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ ᠶ᠋ᠢᠨ ᠒᠖᠂᠑᠆ ᠳ᠋ᠦ ᠵᠢᠭᠠᠭᠰᠠᠨ ᠣᠷᠤᠯᠭ ᠠ ᠶ᠋ᠢ ᠪᠠᠩᠻᠢ ᠶ᠋ᠢᠨ ᠨᠢᢉᠡ ᠳᠠᠩᠰᠠ ᠪᠠᠷ ᢈᠦᠯᠢᠶᠡᠨ
ᠠᠪᠣᠭ ᠠ ᠦᢉᠡᠢ ᠪᠣᠯ ᠲᠤᠬᠠᠢ ᠶ᠋ᠢᠨ ᠣᠷᠤᠯᠭ ᠠ ᠶ᠋ᠢᠨ ᠮᠥᠩᢉᠦᠨ ᠳ᠋ᠦᠩ ᠢ᠋ ᠬᠣᠶᠠᠷ ᠳᠠᢈᠢᠨ ᠦᠷᠡᠵᠢᢉᠦᠯᠦᢉᠰᠡᠨ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ
ᠲᠣᠷᠭᠠᠨ ᠠ᠃
᠗᠂ᠨᠠᠮ ᠨᠢ ᠢᠷᢉᠡᠨ ᠦ᠋ ᠪᠣᠯᠤᠨ ᠬᠠᠤᠯᠢ ᠶ᠋ᠢᠨ ᠡᠲᠡᢉᠡᠳ ᠦ᠋ᠨ ᠬᠠᠨᠳᠢᠪ ᠢ᠋ ᠪᠠᠯᠡᠨ ᠮᠥᠩᢉᠦ ᠪᠠᠷ ᢈᠦᠯᠢᠶᠡᠨ ᠠᠪᠣᠭᠰᠠᠨ ᠪᠣᠯ ᠲᠤᠬᠠᠢ ᠶ᠋ᠢᠨ ᠮᠥᠩᢉᠦᠨ ᠳ᠋ᠦᠩ ᠢ᠋
ᠬᠣᠶᠠᠷ ᠳᠠᢈᠢᠨ ᠦᠷᠡᠵᠢᢉᠦᠯᠦᢉᠰᠡᠨ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃
᠘᠂ᠨᠠᠮ ᠨᠢ ᠨᠢᢉᠡ ᠵᠢᠯ ᠳ᠋ᠦ ᠨᠢᢉᠡ ᠢᠷᢉᠡᠨ᠂ ᠬᠠᠤᠯᠢ ᠶ᠋ᠢᠨ ᠡᠲᠡᢉᠡᠳ ᠡᠴᠡ ᠠᠪᠬᠤ ᠬᠠᠨᠳᠢᠪ ᠤ᠋ᠨ ᠳᠡᢉᠡᠳᠦ ᢈᠡᠮᠵᠢᠶ ᠡ ᠶ᠋ᠢ ᠬᠠᠤᠯᠢ ᠳ᠋ᠤ ᠵᠢᠭᠠᠭᠰᠠᠨ ᠡᠴᠠ
ᢈᠡᠲᠦᠷᠡᢉᠦᠯᠦᠨ ᠠᠪᠣᠭᠰᠠᠨ ᠪᠣᠯ ᠲᠤᠬᠠᠢ ᠶ᠋ᠢᠨ ᠬᠠᠨᠳᠢᠪ ᠤ᠋ᠨ ᠮᠥᠩᢉᠦᠨ ᠳ᠋ᠦᠩ ᠢ᠋ ᠬᠣᠶᠠᠷ ᠳᠠᢈᠢᠨ ᠦᠷᠡᠵᠢᢉᠦᠯᠦᢉᠰᠡᠨ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ
ᠲᠣᠷᠭᠠᠨ ᠠ᠃
᠙᠂ᠨᠠᠮ ᠡᠴᠠ ᠪᠣᠰᠤᠳ ᠬᠠᠤᠯᠢ ᠶ᠋ᠢᠨ ᠡᠲᠡᢉᠡᠳ ᠨᠠᠮ ᢉᠡᠰᠡᠨ ᠣᠨᠤᠭᠠᠭᠰᠠᠨ ᠨᠡᠷ ᠡ ᢈᠡᠷᠡᢉᠯᠡᢉᠰᠡᠨ ᠪᠣᠯ ᢈᠦᠮᠦᠨ ᠢ᠋ ᠲᠠᠪᠣᠨ ᠮᠢᠩᠭᠠᠨ ᠨᠢᢉᠡᠴᠡ ᠲᠡᠢ ᠲᠡᠩᠴᠡᢈᠦ
ᢈᠡᠮᠵᠢᠶᠡᠨ ᠦ᠋ ᠲᠥᢉᠦᠷᠢᢉ ᠢ᠋ᠶᠡᠷ᠂ ᠬᠠᠤᠯᠢ ᠶ᠋ᠢᠨ ᠡᠲᠡᢉᠡᠳ ᠢ᠋ ᠲᠠᠪᠣᠨ ᠮᠢᠩᠭᠠᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃ »
᠒ ᠳ᠋ᠤᠭᠠᠷ ᠵᠦᠶᠢᠯ᠃ᠡᠨᠡ ᠬᠠᠤᠯᠢ ᠶ᠋ᠢ ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ /ᠰᠢᠨᠡᠴᠢᠯᠡᢉᠰᠡᠨ ᠨᠠᠶᠢᠷᠠᠭᠤᠯᠭ ᠠ/ ᢈᠦᠴᠦᠨ ᠲᠡᢉᠦᠯᠳᠡᠷ ᠪᠣᠯᠤᠭᠰᠠᠨ
ᠡᠳᠦᠷ ᠡᠴᠡ ᠡᢈᠢᠯᠡᠨ ᠳᠠᠭᠠᠵᠤ ᠮᠥᠷᠳᠡᠨ ᠡ᠃
ᠮᠣᠩᠭᠤᠯ ᠤᠯᠤᠰ ᠤ᠋ᠨ
ᠶᠡᢈᠡ ᠬᠤᠷᠠᠯ ᠤ᠋ᠨ ᠳᠠᠷᠤᠭ ᠠ ᠭᠣ ᠂ᠽᠠᠨᠳᠠᠨᠰᠢᠲᠠᠷ ᠠ