Монгол Улсын Их Хурал
ТӨРИЙН
МЭДЭЭЛЭЛ
(ХУУЛЬ, ТОГТООЛ, ЗАРЛИГ)
№ 2
(1397)
— 222 —

Шүүхийн ерөнхий зөвлөлийн шүүгч бус гишүүнээр томилох, чөлөөлөх тухай № 121

МОНГОЛ УЛСЫН ИХ ХУРЛЫН ТОГТООЛ

2025 оны 12 дугаар Улаанбаатар

сарын 30-ны өдөр Дугаар 121 хот

Шүүхийн ерөнхий зөвлөлийн шүүгч бус гишүүнээр томилох,

чөлөөлөх тухай

Монгол Улсын шүүхийн тухай хуулийн 76 дугаар зүйлийн 76.1,

76.2, 76.5 дахь хэсэг, 83 дугаар зүйлийн 83.1.1 дэх заалт, Монгол Улсын Их Хурлын тухай хуулийн 5 дугаар зүйлийн 5.1 дэх хэсэг, Монгол Улсын Их Хурлын чуулганы хуралдааны дэгийн тухай хуулийн 108 дугаар зүйлийн 108.3 дахь хэсгийг үндэслэн Монгол Улсын Их Хурлаас ТОГТООХ нь:

1.Хүрэлбаатарын Эрдэм-Ундрах, Чадраабалын Баянжаргал нарыг

Шүүхийн ерөнхий зөвлөлийн шүүгч бус гишүүнээр тус тус томилсугай.

2.Бүрэн эрхийн хугацаа нь дуусгавар болсон тул Навагчамбын

Баасанжав, Нямсүрэнгийн Мөнгөнцэцэг, Ренчиндоржийн Онончимэг, Дорждамбын Зүмбэрэллхам нарыг Шүүхийн ерөнхий зөвлөлийн шүүгч бус гишүүнээс тус тус чөлөөлсүгэй.

3.Энэ тогтоолыг 2025 оны 12 дугаар сарын 30-ны өдрөөс эхлэн

дагаж мөрдсүгэй.

МОНГОЛ УЛСЫН ИХ ХУРЛЫН ДАРГА Н.УЧРАЛ

ᠮᠣᠩᠭᠣᠯ ᠤᠯᠤᠰ ᠤ᠋ᠨ ᠶᠡᢈᠡ ᠬᠤᠷᠠᠯ ᠤ᠋ᠨ ᠲᠣᠭᠲᠠᠭᠠᠯ

᠒᠐᠒᠕ ᠣᠨ ᠤ᠋ ᠑᠒ ᠳ᠋ᠤᠭᠠᠷ ᠰᠠᠷ ᠠ ᠶ᠋ᠢᠨ ᠓᠐-ᠤ᠋ ᠡᠳᠦᠷ ᠳ᠋ᠤᠭᠠᠷ ᠑᠒᠑ ᠤᠯᠠᠭᠠᠨᠪᠠᠭᠠᠲᠤᠷ ᠬᠣᠲᠠ

ᠰᠢᢉᠦᢈᠦ ᠶ᠋ᠢᠨ ᠶᠡᠷᠦᠩᢈᠡᠢ ᠵᠥᠪᠯᠡᠯ ᠦ᠋ᠨ

ᠰᠢᢉᠦᢉᠴᠢ ᠪᠤᠰᠤ ᢉᠡᠰᠢᢉᠦᠨ ᠢ᠋ᠶᠡᠷ ᠲᠣᠮᠢᠯᠠᠬᠤ᠂

ᠴᠢᠯᠦᢉᠡᠯᠡᢈᠦ ᠲᠤᠬᠠᠢ

ᠮᠣᠩᠭᠣᠯ ᠤᠯᠤᠰ ᠤ᠋ᠨ ᠰᠢᢉᠦᢈᠦ ᠶ᠋ᠢᠨ ᠲᠤᠬᠠᠢ ᠬᠠᠤᠯᠢ ᠶ᠋ᠢᠨ ᠗᠖ ᠳ᠋ᠤᠭᠠᠷ ᠵᠦᠢᠯ ᠦ᠋ᠨ ᠗᠖᠂᠑᠂ ᠗᠖᠂᠒᠂ ᠗᠖᠂᠕ ᠳ᠋ᠠᢈᠢ ᢈᠡᠰᠡᢉ᠂ ᠘᠓ ᠳ᠋ᠤᠭᠠᠷ ᠵᠦᠢᠯ ᠦ᠋ᠨ

᠘᠓᠂᠑᠂᠑ ᠳ᠋ᠡᢈᠢ ᠵᠢᠭᠠᠯᠲᠠ᠂ ᠮᠣᠩᠭᠣᠯ ᠤᠯᠤᠰ ᠤ᠋ᠨ ᠶᠡᢈᠡ ᠬᠤᠷᠠᠯ ᠤ᠋ᠨ ᠲᠤᠬᠠᠢ ᠬᠠᠤᠯᠢ ᠶ᠋ᠢᠨ ᠕ ᠳ᠋ᠤᠭᠠᠷ ᠵᠦᠢᠯ ᠦ᠋ᠨ ᠕᠂᠑ ᠳ᠋ᠡᢈᠢ ᢈᠡᠰᠡᢉ᠂ ᠮᠣᠩᠭᠣᠯ ᠤᠯᠤᠰ ᠤ᠋ᠨ ᠶᠡᢈᠡ

ᠬᠤᠷᠠᠯ ᠤ᠋ᠨ ᠴᠢᠭᠤᠯᠭᠠᠨ ᠤ᠋ ᠬᠤᠷᠠᠯᠳᠤᠭᠠᠨ ᠤ᠋ ᠳᠢᢉ ᠦ᠋ᠨ ᠲᠤᠬᠠᠢ ᠬᠠᠤᠯᠢ ᠶ᠋ᠢᠨ ᠑᠐᠘ ᠳ᠋ᠤᠭᠠᠷ ᠵᠦᠢᠯ ᠦ᠋ᠨ ᠑᠐᠘᠂᠓ ᠳ᠋ᠠᢈᠢ ᢈᠡᠰᠡᢉ ᠢ᠋ ᠦᠨᠳᠦᠰᠦᠯᠡᠨ ᠮᠣᠩᠭᠤᠯ ᠤᠯᠤᠰ ᠤ᠋ᠨ ᠶᠡᢈᠡ

ᠬᠤᠷᠠᠯ ᠡᠴᠠ ᠲᠣᠭᠲᠠᠭᠠᠬᠤ ᠨᠢ:

᠑᠂ᢈᠥᠷᠡᠯᠪᠠᠭᠠᠲᠤᠷ ᠤ᠋ᠨ ᠡᠷᠳᠡᠮ-ᠤᠨᠳᠤᠷᠬᠤ᠂ ᠴᠢᠳᠠᠷᠠᠪᠠᠯ ᠤ᠋ᠨ ᠪᠠᠶᠠᠨᠵᠢᠷᠭᠠᠯ ᠨᠠᠷ ᠢ᠋ ᠰᠢᢉᠦᢈᠦ ᠶ᠋ᠢᠨ ᠶᠡᠷᠦᠩᢈᠡᠢ ᠵᠥᠪᠯᠡᠯ ᠦ᠋ᠨ ᠰᠢᢉᠦᢉᠴᠢ ᠪᠤᠰᠤ ᢉᠡᠰᠢᢉᠦᠨ ᠢ᠋ᠶᠡᠷ

ᠲᠤᠰ ᠲᠤᠰ ᠲᠣᠮᠢᠯᠠᠰᠤᠭᠠᠢ᠃

᠒᠂ᠪᠦᠷᠢᠨ ᠡᠷᢈᠡ ᠶ᠋ᠢᠨ ᠬᠤᠭᠤᠴᠠᠭ ᠠ ᠨᠢ ᠳᠠᠭᠤᠰᠬᠠᠪᠤᠷᠢ ᠪᠤᠯᠤᠭᠰᠠᠨ ᠲᠤᠯᠠ ᠨᠠᠧ‍ᠠᠭᠴᠢᠮᠪᠡ ᠶ᠋ᠢᠨ ᠪᠠᠰᠠᠩᠵᠠᠪ᠂ᠨᠢᠮᠠᠰᠦᠷᠦᠩ ᠦ᠋ᠨ ᠮᠥᠩᢉᠦᠨᠴᠡᠴᠡᢉ᠂ ᠷᠧ‍ᠨᠴᠢᠨᠳᠣᠷᠵᠢ ᠶ᠋ᠢᠨ

ᠣᠨᠤᠨᠴᠢᠮᠡᢉ᠂ ᠳᠣᠷᠵᠢᠳᠠᠮᠪᠡ ᠶ᠋ᠢᠨ ᠵᠦᠮᠪᠤᠷᠡᠯᠯᠾᠠᠮᠣ ᠨᠠᠷ ᠢ᠋ ᠰᠢᢉᠦᢈᠦ ᠶ᠋ᠢᠨ ᠶᠡᠷᠦᠩᢈᠡᠢ ᠵᠥᠪᠯᠡᠯ ᠦ᠋ᠨ ᠰᠢᢉᠦᢉᠴᠢ ᠪᠤᠰᠤ ᢉᠡᠰᠢᢉᠦᠨ ᠡᠴᠡ ᠲᠤᠰ ᠲᠤᠰ ᠴᠢᠯᠦᢉᠡᠯᠡᠰᠦᢉᠡᠢ᠃

᠓᠂ᠡᠨᠡ ᠲᠣᠭᠲᠠᠭᠠᠯ ᠢ᠋ ᠒᠐᠒᠕ ᠣᠨ ᠤ᠋ ᠑᠒ ᠳ᠋ᠤᠭᠠᠷ ᠰᠠᠷ ᠠ ᠶ᠋ᠢᠨ ᠓᠐- ᠤ᠋ ᠡᠳᠦᠷ ᠡᠴᠡ ᠡᢈᠢᠯᠡᠨ ᠳᠠᠭᠠᠵᠤ ᠮᠥᠷᠳᠡᠰᠦᢉᠡᠢ᠃

ᠮᠣᠩᠭᠣᠯ ᠤᠯᠤᠰ ᠤ᠋ᠨ

ᠶᠡᢈᠡ ᠬᠤᠷᠠᠯ ᠤ᠋ᠨ ᠳᠠᠷᠤᠭ ᠠ ᠨᠢ ᠂ᠤᠴᠠᠷᠠᠯ

Төрийн мэдээлэл · 2026 · № 2 (1397)222–223-р хуудас