Монгол Улсын Их Хурал
ТӨРИЙН
МЭДЭЭЛЭЛ
(ХУУЛЬ, ТОГТООЛ, ЗАРЛИГ)
№ 4
(1300)
— 250 —

Статистикийн тухай хуульд нэмэлт оруулах тухай

Moehgo& Folo_ oa HeolI

᠒᠐᠒᠓ ᠣᠨ ᠤ᠋ ᠑᠒ ᠳ᠋ᠤᠭᠡᠷ ᠰᠠᠷ ᠠ ᠶ᠋ᠢᠨ ᠐᠘᠆ ᠤ᠋ ᠡᠳᠦᠷ ᠤᠯᠠᠭᠠᠨᠪᠡᠭᠠᠲᠤᠷ ᠬᠣᠲᠠ

ᠵᠥᠷᠢᠴᠡᠯ ᠦ᠋ᠨ ᠲᠤᠬᠠᠢ ᠬᠠᠤᠯᠢ ᠳ᠋ᠤ ᠨᠡᠮᠡᠯᠲᠡ

ᠣᠷᠤᠭᠤᠯᠬᠤ ᠲᠤᠬᠠᠢ

᠑ ᠳ᠋ᠦᢉᠡᠷ ᠵᠦᠶᠢᠯ᠃ᠵᠥᠷᠢᠴᠡᠯ ᠦ᠋ᠨ ᠲᠤᠬᠠᠢ ᠬᠠᠤᠯᠢ ᠳ᠋ᠤ ᠳᠣᠣᠷ ᠠ ᠳᠤᠷᠠᠳᠤᠭᠰᠠᠨ ᠠᠭᠤᠯᠭ ᠠ ᠲᠠᠢ ᠗᠂᠑᠙ ᠳ᠋ᠦᢉᠡᠷ ᠵᠦᠶᠢᠯ ᠨᠡᠮᠡᠰᠤᢉᠡᠢ:

« ᠗ ᠂᠑᠙ ᠳ᠋ᠦᢉᠡᠷ ᠵᠦᠶᠢᠯ᠃ᢉᠡᠷ ᠦ᠋ᠨ ᠲᠡᠵᠢᢉᠡᠪᠦᠷᠢ ᠠᠮᠢᠲᠠᠨ ᠤ᠋ ᠲᠤᠬᠠᠢ ᠬᠠᠤᠯᠢ ᠵᠥᠷᠢᠴᠡᢈᠦ

᠑᠂ᢉᠡᠷ ᠦ᠋ᠨ ᠲᠡᠵᠢᢉᠡᠪᠦᠷᠢ ᠠᠮᠢᠲᠠᠨ ᠤ᠋ ᠠᠰᠠᠷᠠᠨ ᠬᠠᠮᠠᠭᠠᠯᠠᠭᠴᠢ᠂ ᠲᠦᠷ ᠬᠠᠷᠠᠭᠴᠢ ᠶ᠋ᠢᠨ ᠨᠣᠬᠠᠢ᠂ ᠮᠤᠤᠷ ᠲᠤ ᠪᠢᠴᠢᠯ ᠴᠢᠫ ᠰᠠᠭᠤᠯᠭᠠᠭᠤᠯᠵᠤ᠂ ᠪᠦᠷᠢᠳᢈᠡᢉᠦᠯᢈᠦ᠂

ᠦᠷᠡᠵᠢᠯ ᢈᠢᠵᠠᠭᠠᠷᠯᠠᠬᠤ ᠮᠡᠰᠡ ᠠᠵᠢᠯᠯᠠᠪᠦᠷᠢ ᢈᠢᠯᢉᠡᢈᠦ ᠡᠴᠡ ᠪᠦᠰᠤᠳ ᠡᢉᠦᠷᢉᠡ ᠪᠡᠨ ᠪᠡᠶᠡᠯᠡᢉᠦᠯᠦᢉᠡ ᠤᠢᢉᠡᠢ ᠪᠦᠯ ᢈᠥᠮᠦᠨ ᠢ᠋ ᠨᠢᢉᠡ ᠵᠠᠭᠤᠨ ᠨᠢᢉᠡᠴᠡ ᠲᠡᠢ ᠲᠡᠩᠴᠡᢈᠦ ᢈᠡᠮᠵᠢᠶᠡᠨ ᠦ᠋

ᠲᠥᢉᠦᠷᠢᢉ ᠢ᠋ᠶᠡᠷ᠂ ᠬᠠᠤᠯᠢ ᠶ᠋ᠢᠨ ᠡᠲᠡᢉᠡᠳ ᠢ᠋ ᠨᠢᢉᠡ ᠮᠢᠩᠭᠠᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃

᠒᠂ᢉᠡᠷ ᠦ᠋ᠨ ᠲᠡᠵᠢᢉᠡᠪᠦᠷᠢ ᠠᠮᠢᠲᠠᠨ ᠤ᠋ ᠲᠤᠬᠠᠢ ᠬᠠᠤᠯᠢ ᠳ᠋ᠤ ᠵᠢᠭᠠᠭᠰᠠᠨ ᠬᠤᠭᠤᠴᠠᠭᠠᠨ ᠳ᠋ᠤ ᠨᠣᠬᠠᠢ᠂ ᠮᠤᠤᠷ ᠲᠤᠰ ᠪᠦᠷᠢ ᠳ᠋ᠦ ᠪᠢᠴᠢᠯ ᠴᠢᠫ ᠰᠠᠭᠤᠯᠭᠠᠭᠤᠯᠵᠤ᠂

ᠪᠦᠷᠢᠳᢈᠡᢉᠦᠯᠦᢉᠡ ᠤᠢᢉᠡᠢ ᠪᠦᠯ ᢈᠥᠮᠦᠨ ᠢ᠋ ᠬᠣᠶᠠᠷ ᠵᠠᠭᠤᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ᠂ ᠬᠠᠤᠯᠢ ᠶ᠋ᠢᠨ ᠡᠲᠡᢉᠡᠳ ᠢ᠋ ᠬᠣᠶᠠᠷ ᠮᠢᠩᠭᠠᠨ ᠨᠢᢉᠡᠴᠡ ᠲᠡᠢ

ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃

᠓᠂ᠠᠰᠠᠷᠠᠨ ᠬᠠᠮᠠᠭᠠᠯᠠᠭᠴᠢ ᠨᠣᠬᠠᠢ᠂ ᠮᠤᠤᠷ ᠲᠤ ᠦᠷᠡᠵᠢᠯ ᢈᠢᠵᠠᠭᠠᠷᠯᠠᠬᠤ ᠮᠡᠰᠡ ᠠᠵᠢᠯᠯᠠᠪᠦᠷᠢ ᢈᠢᠯᢉᠡᢈᠦ ᠡᢉᠦᠷᢉᠡ ᠪᠡᠨ ᠪᠡᠶᠡᠯᠡᢉᠦᠯᠦᢉᠡ ᠤᠢᢉᠡᠢ ᠪᠦᠯ ᢈᠥᠮᠦᠨ ᠢ᠋

ᠭᠤᠷᠪᠡᠨ ᠵᠠᠭᠤᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃

᠔᠂ᠨᠣᠬᠠᠢ᠂ ᠮᠤᠤᠷ ᠦᠷᠡᠵᠢᢉᠦᠯᢈᠦ ᠦᠢᠯᠡ ᠠᠵᠢᠯᠯᠠᠭ ᠠ ᠡᠷᢈᠢᠯᠡᢈᠦ ᠵᠥᠪᠰᠢᠶᠡᠷᠡᠯ ᠤᠢᢉᠡᠢ ᠪᠡᠷ ᠨᠣᠬᠠᠢ᠂ ᠮᠤᠤᠷ ᠦᠷᠡᠵᠢᢉᠦᠯᠦᢉᠰᠡᠨ ᠪᠦᠯ ᠬᠠᠤᠯᠢ ᠪᠦᠰᠤ ᠤᠶᠢᠯᠡ

ᠠᠵᠢᠯᠯᠠᠭ ᠠ ᠶ᠋ᠢ ᠵᠣᠭᠰᠤᠭᠠᠵᠤ᠂ ᠬᠠᠤᠯᠢ ᠪᠦᠰᠤ ᠪᠡᠷ ᠣᠯᠤᠭᠰᠠᠨ ᠣᠷᠤᠯᠭ ᠠ ᠶ᠋ᠢ ᠬᠤᠷᠢᠶᠠᠵᠤ᠂ ᢈᠥᠮᠦᠨ ᠢ᠋ ᠲᠠᠪᠦᠨ ᠵᠠᠭᠤᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ᠂

ᠬᠠᠤᠯᠢ ᠶ᠋ᠢᠨ ᠡᠲᠡᢉᠡᠳ ᠢ᠋ ᠲᠠᠪᠦᠨ ᠮᠢᠩᠭᠠᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃

᠕᠂ᠡᠵᠡᠨ ᠤᠢᢉᠡᠢ ᠠᠮᠢᠲᠠᠨ ᠢ᠋ ᠲᠦᠷ ᠪᠡᠶᠢᠷᠢᠯᠠᠭᠤᠯᠤᠨ ᠠᠰᠠᠷᠠᠮᠵᠢᠯᠠᠬᠤ ᠤᠶᠢᠯᠡ ᠠᠵᠢᠯᠯᠠᠭ ᠠ ᠡᠷᢈᠢᠯᠡᢈᠦ ᠵᠥᠪᠰᠢᠶᠡᠷᠡᠯ ᠤᠢᢉᠡᠢ ᠪᠡᠷ ᢉᠡᠷ ᠦ᠋ᠨ ᠲᠡᠵᠢᢉᠡᠪᠦᠷᠢ ᠠᠮᠢᠲᠠᠨ ᠢ᠋

ᠲᠦᠷ ᠪᠡᠶᠢᠷᠢᠯᠠᠭᠤᠯᠤᠨ ᠠᠰᠠᠷᠠᠮᠵᠢᠯᠠᠬᠤ ᠦᠢᠯᠡ ᠠᠵᠢᠯᠯᠠᠭ ᠠ ᠡᠷᢈᠢᠯᠡᢉᠰᠡᠨ ᠪᠦᠯ ᠬᠠᠤᠯᠢ ᠪᠦᠰᠤ ᠦᠢᠯᠡ ᠠᠵᠢᠯᠯᠠᠭ ᠠ ᠶ᠋ᠢ ᠵᠣᠭᠰᠤᠭᠠᠵᠤ᠂ ᢈᠥᠮᠦᠨ ᠢ᠋ ᠨᠢᢉᠡ ᠵᠠᠭᠤᠨ ᠨᠢᢉᠡᠴᠡ ᠲᠡᠢ

ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ᠂ ᠬᠠᠤᠯᠢ ᠶ᠋ᠢᠨ ᠡᠲᠡᢉᠡᠳ ᠢ᠋ ᠨᠢᢉᠡ ᠮᠢᠩᠭᠠᠨ ᠨᠢᢉᠡᠴᠡ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠨ ᠠ᠃

Төрийн мэдээлэл · 2024 · № 4 (1300)250-р хуудас