Монгол Улсын Их Хурал
ТӨРИЙН
МЭДЭЭЛЭЛ
(ХУУЛЬ, ТОГТООЛ, ЗАРЛИГ)
№ 33
(1281)
— 2649 —

Сонгуулийн төв байгууллагын тухай хуульд нэмэлт, өөрчлөлт оруулах тухай

2023 оны 07 дугаар Улаанбаатар

сарын 07-ны өдөр хот

СОНГУУЛИЙН ТӨВ БАЙГУУЛЛАГЫН ТУХАЙ ХУУЛЬД НЭМЭЛТ, ӨӨРЧЛӨЛТ
ОРУУЛАХ ТУХАЙ

1 дүгээр зүйл.Сонгуулийн төв байгууллагын тухай хуулийн 7

дугаар зүйлд доор дурдсан агуулгатай 7.6 дахь хэсэг нэмсүгэй:

“7.6.Хороо улс төрийн намын үйл ажиллагааны талаар дараах

бүрэн эрхийг хэрэгжүүлнэ:

7.6.1.Улс төрийн намын тухай хуулийн 9.10-т заасан

мэдээллийн сан бүрдүүлж, нийтэд мэдээлэх;

7.6.2.төрийн санхүүжилт авах тухай хүсэлт гаргах маягтыг

батлах;

7.6.3.намд өгөх хандивын бүртгэлийг хөтлөх маягтыг

батлах;

7.6.4.хуульд заасан үндэслэл, журмын дагуу намыг

тараах тухай санал гаргах;

7.6.5.намд олгох төрийн санхүүжилтийн хэмжээг тогтоож,

төсөвт суулган олгох;

7.6.6.намд төрөөс үзүүлэх шууд бус дэмжлэгийг олгох,

шийдвэрлэх;

7.6.7.Улс төрийн намын тухай хуулийн 8.9, 10.3-т заасны

дагуу хяналт хэрэгжүүлэх;

7.6.8.Улс төрийн намын тухай хуулийн 26.6-д заасны

дагуу шийдвэр гаргах;

7.6.9.улс төрийн намын санхүүгийн тайланд хяналт тавих;

7.6.10.Улс төрийн намын тухай хуульд заасан бусад

бүрэн эрх.”

2 дугаар зүйл.Сонгуулийн төв байгууллагын тухай хуулийн 7

дугаар зүйлийн 7.6, 7.7 дахь хэсгийн дугаарыг “7.7, 7.8” гэж, 11 дүгээр зүйлийн 11.1 дэх хэсгийн “ажлын албанд” гэснийг “Тамгын газарт” гэж, 15 дугаар зүйлийн гарчгийн “ажлын алба” гэснийг “Тамгын газар” гэж, мөн зүйлийн 15.1 дэх хэсгийн “ажлын албатай” гэснийг “Тамгын газартай” гэж, “Хороо батална.” гэснийг “Хороо батална. Тамгын газрын орон тооны дээд хязгаарыг Хорооны даргын өргөн мэдүүлснээр Улсын Их Хурал тогтооно.”

МОНГОЛ УЛСЫН ХУУЛЬ

гэж, мөн зүйлийн 15.2 дахь хэсгийн “ажлын албаны” гэснийг “Тамгын газрын” гэж тус тус өөрчилсүгэй.”

3 дугаар зүйл.Энэ хуулийг Улс төрийн намын тухай хууль

/Шинэчилсэн найруулга/ хүчин төгөлдөр болсон өдрөөс эхлэн дагаж мөрдөнө.

МОНГОЛ УЛСЫН ИХ ХУРЛЫН ДАРГА Г.ЗАНДАНШАТАР

᠒᠐᠒᠓ ᠣᠨ ᠤ᠋ ᠐᠗ ᠳ᠋ᠤᠭᠠᠷ ᠰᠠᠷ ᠠ ᠶ᠋ᠢᠨ ᠐᠗᠆ ᠤ᠋ ᠡᠳᠦᠷ ᠤᠯᠠᠭᠠᠨᠪᠠᠭᠠᠲᠤᠷ ᠬᠣᠲᠠ

ᠰᠣᠩᠭᠤᠭᠤᠯᠢ ᠶ᠋ᠢᠨ ᠲᠥᠪ ᠪᠠᠶᠢᠭᠤᠯᠤᠯᠭ ᠠ ᠶ᠋ᠢᠨ ᠲᠤᠬᠠᠢ

ᠬᠠᠤᠯᠢ ᠳ᠋ᠤ ᠨᠡᠮᠡᠯᠲᠡ᠂ ᠥᢉᠡᠷᠡᠴᠢᠯᠡᠯᠲᠡ ᠣᠷᠤᠭᠤᠯᠬᠤ ᠲᠤᠬᠠᠢ

᠑ ᠳ᠋ᠤᢉᠡᠷ ᠵᠦᠶᠢᠯ᠃ᠰᠣᠩᠭᠤᠭᠤᠯᠢ ᠶ᠋ᠢᠨ ᠲᠥᠪ ᠪᠠᠶᠢᠭᠤᠯᠤᠯᠭ ᠠ ᠶ᠋ᠢᠨ ᠲᠤᠬᠠᠢ ᠬᠠᠤᠯᠢ ᠶ᠋ᠢᠨ ᠗ ᠳ᠋ᠤᠭᠠᠷ ᠵᠦᠶᠢᠯ ᠳ᠋ᠦ

ᠳᠣᠣᠷ ᠠ ᠳᠤᠷᠠᠳᠤᠭᠰᠠᠨ ᠠᠭᠤᠯᠭ ᠠ ᠲᠠᠢ ᠗᠂᠖ ᠳ᠋ᠠᢈᠢ ᢈᠡᠰᠡᢉ ᠨᠡᠮᠡᠰᠦᢉᠡᠢ:

« ᠗᠂᠖᠂ᠬᠣᠷᠢᠶ ᠠ ᠤᠯᠤᠰ ᠲᠥᠷᠦ ᠶ᠋ᠢᠨ ᠨᠠᠮ ᠤ᠋ᠨ ᠤᠶᠢᠯᠡ ᠠᠵᠢᠯᠯᠠᠭᠠᠨ ᠤ᠋ ᠲᠠᠯ ᠡ ᠪᠠᠷ ᠳᠠᠷᠠᠭᠠᢈᠢ ᠪᠦᠷᠢᠨ ᠡᠷᢈᠡ ᠶ᠋ᠢ

ᢈᠡᠷᠡᢉᠵᠢᢉᠦᠯᠦᠨ ᠡ:

᠗᠂᠖᠂᠑᠂ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ ᠶ᠋ᠢᠨ ᠙᠂᠑᠐᠆ ᠳ᠋ᠤ ᠵᠢᠭᠠᠭᠰᠠᠨ ᠮᠡᠳᠡᢉᠡᠯᠡᠯ ᠦ᠋ᠨ

ᠰᠠᠩ ᠪᠦᠷᠢᠳᠦᢉᠦᠯᠵᠦ᠂ ᠨᠡᠶᠢᠲᠡ ᠳ᠋ᠦ ᠮᠡᠳᠡᢉᠡᠯᠡᢈᠦ;

᠗᠂᠖᠂᠒᠂ᠲᠥᠷᠦ ᠶ᠋ᠢᠨ ᠰᠠᠩᢈᠦᠵᠢᠯᠲᠡ ᠠᠪᠬᠤ ᠲᠤᠬᠠᠢ ᢈᠦᠰᠡᠯᠲᠡ ᠭᠠᠷᠭᠠᠬᠤ ᠮᠠᠶᠢᠭᠲᠤ ᠶ᠋ᠢ

ᠪᠠᠲᠤᠯᠠᠬᠤ;

᠗᠂᠖᠂᠓᠂ᠨᠠᠮ ᠳ᠋ᠤ ᠥᢉᢈᠦ ᠬᠠᠨᠳᠢᠪ ᠤ᠋ᠨ ᠪᠦᠷᠢᠳᢈᠡᠯ ᠢ᠋ ᢈᠦᠲᠦᠯᢈᠦ ᠮᠠᠶᠢᠭᠲᠤ ᠶ᠋ᠢ ᠪᠠᠲᠤᠯᠠᠬᠤ;

᠗᠂᠖᠂᠔᠂ᠬᠠᠤᠯᠢ ᠳ᠋ᠤ ᠵᠢᠭᠠᠭᠰᠠᠨ ᠦᠨᠳᠦᠰᠦᠯᠡᠯ᠂ ᠵᠢᠷᠤᠮ ᠤ᠋ᠨ ᠳᠠᠭᠠᠭᠤ ᠨᠠᠮ ᠢ᠋ ᠲᠠᠷᠠᠭᠠᠬᠤ

ᠲᠤᠬᠠᠢ ᠰᠠᠨᠠᠯ ᠭᠠᠷᠭᠠᠬᠤ;

᠗᠂᠖᠂᠕᠂ᠨᠠᠮ ᠳ᠋ᠤ ᠣᠯᠭᠣᠬᠣ ᠲᠥᠷᠦ ᠶ᠋ᠢᠨ ᠰᠠᠩᢈᠦᠵᠢᠯᠲᠡ ᠶ᠋ᠢᠨ ᢈᠡᠮᠵᠢᠶ ᠡ ᠶ᠋ᠢ ᠲᠣᠭᠲᠠᠭᠠᠵᠤ᠂

ᠲᠥᠰᠦᠪ ᠲᠦ ᠰᠠᠭᠤᠯᠭᠠᠨ ᠣᠯᠭᠣᠬᠣ;

᠗᠂᠖᠂᠖᠂ᠨᠠᠮ ᠳ᠋ᠤ ᠲᠥᠷᠦ ᠡᠴᠡ ᠦᠵᠡᢉᠦᠯᢈᠦ ᠰᠢᠭᠤᠳ ᠪᠣᠰᠤ ᠳᠡᠮᠵᠢᠯᢉᠡ ᠶ᠋ᠢ ᠣᠯᠭᠣᠬᠣ᠂

ᠰᠢᠢᠳᠪᠣᠷᠢᠯᠡᢈᠦ;

Moehgo& Folo_ oa HeolI

᠗᠂᠖᠂᠗᠂ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ ᠶ᠋ᠢᠨ ᠘᠂᠙᠂ ᠑᠐᠂᠓ ᠆ ᠳ᠋ᠤ ᠵᠢᠭᠠᠭᠰᠠᠨ ᠤ᠋ ᠳᠠᠭᠠᠭᠤ ᢈᠢᠨᠠᠯᠲᠠ ᢈᠡᠷᠡᢉᠵᠢᢉᠦᠯᢈᠦ;

᠗᠂᠖᠂᠘᠂ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ ᠶ᠋ᠢᠨ ᠒᠖᠂᠖ ᠆ ᠳ᠋ᠤ ᠵᠢᠭᠠᠭᠰᠠᠨ ᠤ᠋ ᠳᠠᠭᠠᠭᠤ ᠰᠢᠢᠳᠪᠣᠷᠢ ᠭᠠᠷᠭᠠᠬᠤ;

᠗᠂᠖᠂᠙᠂ᠤᠯᠤᠰ ᠲᠥᠷᠦ ᠶ᠋ᠢᠨ ᠨᠠᠮ ᠤ᠋ᠨ ᠰᠠᠩᢈᠦᠦ ᠶ᠋ᠢᠨ ᠲᠠᠶᠢᠯᠤᠨ ᠳ᠋ᠤ ᢈᠢᠨᠠᠯᠲᠠ ᠲᠠᠯᠪᠢᠬᠤ;

᠗᠂᠖᠂᠑᠐᠂ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ ᠳ᠋ᠤ ᠵᠢᠭᠠᠭᠰᠠᠨ ᠪᠣᠰᠤᠳ ᠪᠦᠷᠢᠨ ᠡᠷᢈᠡ᠃ »

᠒ ᠳ᠋ᠤᠭᠠᠷ ᠵᠦᠶᠢᠯ᠃ᠰᠣᠩᠭᠤᠭᠤᠯᠢ ᠶ᠋ᠢᠨ ᠲᠥᠪ ᠪᠠᠶᠢᠭᠤᠯᠤᠯᠭ ᠠ ᠶ᠋ᠢᠨ ᠲᠤᠬᠠᠢ ᠬᠠᠤᠯᠢ ᠶ᠋ᠢᠨ ᠗ ᠳ᠋ᠤᠭᠠᠷ ᠵᠦᠢᠯ ᠦ᠋ᠨ ᠗᠂᠖᠂ ᠗᠂᠗ ᠳ᠋ᠠᢈᠢ ᢈᠡᠰᠡᢉ ᠦ᠋ᠨ ᠳ᠋ᠤᠭᠠᠷ ᠢ᠋

« ᠗᠂᠗᠂ ᠗᠂᠘ » ᢉᠡᠵᠦ᠂ ᠑᠑ ᠳ᠋ᠤᢉᠡᠷ ᠵᠦᠶᠢᠯ ᠦ᠋ᠨ ᠑᠑᠂᠑ ᠳ᠋ᠡᢈᠢ ᢈᠡᠰᠡᢉ ᠦ᠋ᠨ « ᠠᠵᠢᠯ ᠤ᠋ᠨ ᠠᠯᠪᠠᠨ ᠳ᠋ᠤ » ᢉᠡᠰᠡᠨ ᠢ᠋ « ᠲᠠᠮᠠᠭ ᠠ ᠶ᠋ᠢᠨ ᠭᠠᠵᠠᠷ ᠲᠤ » ᢉᠡᠵᠦ᠂ ᠑᠕

ᠳ᠋ᠤᠭᠠᠷ ᠵᠦᠶᠢᠯ ᠦ᠋ᠨ ᠭᠠᠷᠴᠠᠭ ᠤ᠋ᠨ « ᠠᠵᠢᠯ ᠤ᠋ᠨ ᠠᠯᠪᠠ » ᢉᠡᠰᠡᠨ ᠢ᠋ « ᠲᠠᠮᠠᠭ ᠠ ᠶ᠋ᠢᠨ ᠭᠠᠵᠠᠷ » ᢉᠡᠵᠦ᠂ ᠮᠥᠨ ᠵᠦᠶᠢᠯ ᠦ᠋ᠨ ᠑᠕᠂᠑ ᠳ᠋ᠡᢈᠢ ᢈᠡᠰᠡᢉ ᠦ᠋ᠨ « ᠠᠵᠢᠯ ᠤ᠋ᠨ

ᠠᠯᠪᠠ ᠲᠠᠢ » ᢉᠡᠰᠡᠨ ᠢ᠋ « ᠲᠠᠮᠠᠭ ᠠ ᠶ᠋ᠢᠨ ᠭᠠᠵᠠᠷ ᠲᠠᠢ » ᢉᠡᠵᠦ᠂ « ᠬᠣᠷᠢᠶ ᠠ ᠪᠠᠲᠤᠯᠠᠨ ᠠ᠃ » ᢉᠡᠰᠡᠨ ᠢ᠋ « ᠬᠣᠷᠢᠶ ᠠ ᠪᠠᠲᠤᠯᠠᠨ ᠠ᠃ ᠲᠠᠮᠠᠭ ᠠ ᠶ᠋ᠢᠨ ᠭᠠᠵᠠᠷ ᠤ᠋ᠨ ᠣᠷᠤᠨ

ᠲᠣᠭᠠᠨ ᠤ᠋ ᠳᠡᢉᠡᠳᠦ ᢈᠢᠵᠠᠭᠠᠷ ᠢ᠋ ᠬᠣᠷᠢᠶᠠᠨ ᠤ᠋ ᠳᠠᠷᠤᠭ ᠠ ᠶ᠋ᠢᠨ ᠡᠷᢉᠦᠨ ᠮᠡᠳᠡᢉᠦᠯᠦᢉᠰᠡᠨ ᠢ᠋ᠶᠡᠷ ᠤᠯᠤᠰ ᠤ᠋ᠨ ᠶᠡᢈᠡ ᠬᠤᠷᠠᠯ ᠲᠣᠭᠲᠠᠭᠠᠨ ᠠ᠃ » ᢉᠡᠵᠦ᠂ ᠮᠥᠨ ᠵᠦᠶᠢᠯ ᠦ᠋ᠨ

᠑᠕᠂᠒ ᠳ᠋ᠠᢈᠢ ᢈᠡᠰᠡᢉ ᠦ᠋ᠨ « ᠠᠵᠢᠯ ᠤ᠋ᠨ ᠠᠯᠪᠠᠨ ᠤ᠋ » ᢉᠡᠰᠡᠨ ᠢ᠋ « ᠲᠠᠮᠠᠭ ᠠ ᠶ᠋ᠢᠨ ᠭᠠᠵᠠᠷ ᠤ᠋ᠨ » ᢉᠡᠵᠦ ᠲᠤᠰ ᠲᠤᠰ ᠥᢉᠡᠷᠡᠴᠢᠯᠡᠰᠦᢉᠡᠢ᠃ »

᠓ ᠳ᠋ᠤᠭᠠᠷ ᠵᠦᠶᠢᠯ᠃ᠡᠨᠡ ᠬᠠᠤᠯᠢ ᠶ᠋ᠢ ᠤᠯᠤᠰ ᠲᠥᠷᠦ ᠶ᠋ᠢᠨ ᠨᠠᠮ ᠤ᠋ᠨ ᠲᠤᠬᠠᠢ ᠬᠠᠤᠯᠢ /ᠰᠢᠨᠡᠴᠢᠯᠡᢉᠰᠡᠨ ᠨᠠᠶᠢᠷᠠᠭᠤᠯᠭ ᠠ/ ᢈᠦᠴᠦᠨ ᠲᠡᢉᠦᠯᠳᠡᠷ ᠪᠣᠯᠤᠭᠰᠠᠨ

ᠡᠳᠦᠷ ᠡᠴᠡ ᠡᢈᠢᠯᠡᠨ ᠳᠠᠭᠠᠵᠤ ᠮᠥᠷᠳᠡᠨ ᠡ᠃

ᠮᠣᠩᠭᠤᠯ ᠤᠯᠤᠰ ᠤ᠋ᠨ

ᠶᠡᢈᠡ ᠬᠤᠷᠠᠯ ᠤ᠋ᠨ ᠳᠠᠷᠤᠭ ᠠ ᠭᠣ ᠂ᠽᠠᠨᠳᠠᠨᠰᠢᠲᠠᠷ ᠠ

Төрийн мэдээлэл · 2023 · № 33 (1281)2649–2651-р хуудас