Монгол Улсын Их Хурал
ТӨРИЙН
МЭДЭЭЛЭЛ
(ХУУЛЬ, ТОГТООЛ, ЗАРЛИГ)
№ 21
(1416)
— 959 —

Шинжлэх ухаан, технологийн тухай хуульд нэмэлт, өөрчлөлт оруулах тухай

МОНГОЛ УЛСЫН ХУУЛЬ

2026 оны 05 дугаар Улаанбаатар

сарын 01-ний өдөр хот

ШИНЖЛЭХ УХААН, ТЕХНОЛОГИЙН ТУХАЙ
ХУУЛЬД НЭМЭЛТ, ӨӨРЧЛӨЛТ ОРУУЛАХ ТУХАЙ

1 дүгээр зүйл.Шинжлэх ухаан, технологийн тухай хуульд доор

дурдсан агуулгатай 191 дүгээр зүйл нэмсүгэй:

“191 дүгээр зүйл.Эрдэм шинжилгээ, судалгааны

ажлын ил тод байдал

191.1.Энэ хуульд заасны дагуу хийгдсэн эрдэм шинжилгээ,

судалгааны ажлын тайланг нэгтгэн хадгалж, олон нийтэд ил тод байдлыг хангахад чиглэсэн үндэсний судалгааны нэгдсэн цахим мэдээллийн сантай байна.

191.2.Үндэсний судалгааны нэгдсэн цахим мэдээллийн санд

мэдээлэл цуглуулах, удирдлага, зохион байгуулалт, ил тод, аюулгүй байдлыг хангах үүргийг шинжлэх ухаан, технологийн асуудал эрхэлсэн төрийн захиргааны төв байгууллага хариуцна.

191.3.Эрдэм шинжилгээ, судалгаа хөгжүүлэлтийн ажил

гүйцэтгэгч нь дараах мэдээллийг хуулиар нууцлахыг хориглосноос бусад тохиолдолд уг ажлыг дууссанаас хойш 90 хоногийн дотор үндэсний судалгааны нэгдсэн цахим мэдээллийн санд хүргүүлж, ил тод, хүртээмжтэй байлгана:

191.3.1.энэ хуулийн 3.1.7, 3.1.8, 3.1.9, 3.1.10, 3.1.11-д

заасан эрдэм шинжилгээний ажлын тайлан;

191.3.2.төрийн болон орон нутгийн өмчийн хөрөнгөөр

хийсэн судалгаа хөгжүүлэлтийн ажлын тайлан;

191.3.3.тухайн байгууллагын судлаач, эрдэм

шинжилгээний ажилтны эрдэм шинжилгээний бүтээлийг өөрийнх нь зөвшөөрлийг үндэслэн;

191.3.4.хуульд заасан бусад.”

2 дугаар зүйл.Шинжлэх ухаан, технологийн тухай хуулийн

32 дугаар зүйлийн 32.2 дахь хэсгийн “Үндэсний хорооны тогтоол, зөвлөмжийг үндэслэн” гэснийг хассугай.

МОНГОЛ УЛСЫН
ИХ ХУРЛЫН ДАРГА С.БЯМБАЦОГТ

ᠮᠣᠩᠭᠣᠯ ᠤᠯᠤᠰ ᠤ᠋ᠨ ᠬᠠᠤᠯᠢ

᠒᠐᠒᠖ ᠣᠨ ᠤ᠋ ᠐᠕ ᠳ᠋ᠤᠭᠠᠷ ᠰᠠᠷ ᠠ ᠶ᠋ᠢᠨ ᠐᠑᠆ᠤ᠋ ᠡᠳᠦᠷ ᠤᠯᠠᠭᠠᠨᠪᠠᠭᠠᠲᠤᠷ ᠬᠣᠲᠠ

ᠰᠢᠨᠵᠢᠯᠡᢈᠦ ᠤᠬᠠᠭᠠᠨ᠂ ᠲᠧᠻᠨᠣᠯᠣᢉᠢ ᠶ᠋ᠢᠨ ᠲᠤᠬᠠᠢ

ᠬᠠᠤᠯᠢ ᠳ᠋ᠤ ᠨᠡᠮᠡᠯᠲᠡ᠂ ᠥᢉᠡᠷᠡᠴᠢᠯᠡᠯᠲᠡ ᠣᠷᠤᠭᠤᠯᠬᠤ ᠲᠤᠬᠠᠢ

᠑ ᠳ᠋ᠦᢉᠡᠷ ᠵᠦᠶᠢᠯ᠃ᠰᠢᠨᠵᠢᠯᠡᢈᠦ ᠤᠬᠠᠭᠠᠨ᠂ ᠲᠧᠻᠨᠣᠯᠣᢉᠢ ᠶ᠋ᠢᠨ ᠲᠤᠬᠠᠢ ᠬᠠᠤᠯᠢ ᠳ᠋ᠤ ᠳᠣᠣᠷ ᠠ ᠳᠤᠷᠠᠳᠤᠭᠰᠠᠨ ᠠᠭᠤᠯᠭ ᠠ ᠲᠠᠢ ᠑᠙᠑ ᠳ᠋ᠦᢉᠡᠷ ᠵᠦᠶᠢᠯ ᠨᠡᠮᠡᠰᠦᢉᠡᠢ:

«᠑᠙᠑ ᠳ᠋ᠦᢉᠡᠷ ᠵᠦᠶᠢᠯ᠃ᠡᠷᠳᠡᠮ ᠰᠢᠨᠵᠢᠯᠡᢉᠡ᠂ ᠰᠤᠳᠤᠯᠭᠠᠨ ᠤ᠋

ᠠᠵᠢᠯ ᠤ᠋ᠨ ᠢᠯᠡ ᠲᠣᠳᠤ ᠪᠠᠶᠢᠳᠠᠯ

᠑᠙᠑᠂᠑᠂ᠡᠨᠡ ᠬᠠᠤᠯᠢ ᠳ᠋ᠤ ᠵᠢᠭᠠᠭᠰᠠᠨ ᠤ᠋ ᠳᠠᠭᠠᠭᠤ ᢈᠢᢉᠳᠡᢉᠰᠡᠨ ᠡᠷᠳᠡᠮ ᠰᠢᠨᠵᠢᠯᠡᢉᠡ᠂ ᠰᠤᠳᠤᠯᠭᠠᠨ ᠤ᠋ ᠠᠵᠢᠯ ᠤ᠋ᠨ ᠲᠠᠶᠢᠯᠤᠨ ᠢ᠋ ᠨᠢᢉᠡᠳᢈᠡᠨ ᠬᠠᠳᠠᠭᠠᠯᠠᠵᠤ᠂ ᠣᠯᠠᠨ

ᠨᠡᠶᠢᠲᠡ ᠳ᠋ᠦ ᠢᠯᠡ ᠲᠣᠳᠤ ᠪᠠᠶᠢᠳᠠᠯ ᠢ᠋ ᠬᠠᠩᠭᠠᠬᠤ ᠳ᠋ᠤ ᠴᠢᢉᠯᠡᢉᠰᠡᠨ ᠦᠨᠳᠦᠰᠦᠨ ᠦ᠋ ᠰᠤᠳᠤᠯᠭᠠᠨ ᠤ᠋ ᠨᠢᢉᠡᠳᠦᢉᠰᠡᠨ ᠴᠠᢈᠢᠮ ᠮᠡᠳᠡᢉᠡᠯᠡᠯ ᠦ᠋ᠨ ᠰᠠᠩ ᠲᠠᠢ ᠪᠠᠶᠢᠨ ᠠ᠃

᠑᠙᠑᠂᠒᠂ᠦᠨᠳᠦᠰᠦᠨ ᠦ᠋ ᠰᠤᠳᠤᠯᠭᠠᠨ ᠤ᠋ ᠨᠢᢉᠡᠳᠦᢉᠰᠡᠨ ᠴᠠᢈᠢᠮ ᠮᠡᠳᠡᢉᠡᠯᠡᠯ ᠦ᠋ᠨ ᠰᠠᠩ ᠳ᠋ᠤ ᠮᠡᠳᠡᢉᠡᠯᠡᠯ ᠴᠤᠭᠯᠠᠭᠤᠯᠬᠤ᠂ ᠤᠳᠤᠷᠢᠳᠤᠯᠭ ᠠ᠂ ᠵᠣᢈᠢᠶᠠᠨ ᠪᠠᠶᠢᠭᠤᠯᠤᠯᠲᠠ᠂

ᠢᠯᠡ ᠲᠣᠳᠤ᠂ ᠠᠶᠤᠯ ᠦᢉᠡᠢ ᠪᠠᠶᠢᠳᠠᠯ ᠢ᠋ ᠬᠠᠩᠭᠠᠬᠤ ᠡᢉᠦᠷᢉᠡ ᠶ᠋ᠢ ᠰᠢᠨᠵᠢᠯᠡᢈᠦ ᠤᠬᠠᠭᠠᠨ᠂ ᠲᠧᠻᠨᠣᠯᠣᢉᠢ ᠶ᠋ᠢᠨ ᠠᠰᠠᠭᠤᠳᠠᠯ ᠡᠷᢈᠢᠯᠡᢉᠰᠡᠨ ᠲᠥᠷᠦ ᠶ᠋ᠢᠨ ᠵᠠᢈᠢᠷᠭᠠᠨ ᠤ᠋ ᠲᠥᠪ

ᠪᠠᠶᠢᠭᠤᠯᠤᠯᠭ ᠠ ᠬᠠᠷᠢᠭᠤᠴᠠᠨ ᠠ᠃

᠑᠙᠑᠂᠓᠂ᠡᠷᠳᠡᠮ ᠰᠢᠨᠵᠢᠯᠡᢉᠡ᠂ ᠰᠤᠳᠤᠯᠭ ᠠ ᢈᠥᢉᠵᠢᢉᠦᠯᠦᠯᠲᠡ ᠶ᠋ᠢᠨ ᠠᠵᠢᠯ ᢉᠦᠶᠢᠴᠡᠳᢈᠡᢉᠴᠢ ᠨᠢ ᠳᠠᠷᠠᠭᠠᢈᠢ ᠮᠡᠳᠡᢉᠡᠯᠡᠯ ᠢ᠋ ᠬᠠᠤᠯᠢ ᠪᠡᠷ ᠨᠢᠭᠤᠴᠠᠯᠠᠬᠤ ᠶ᠋ᠢ

ᠬᠣᠷᠢᠭᠯᠠᠭᠰᠠᠨ ᠠ᠋ᠴᠠ ᠪᠣᠰᠤᠳ ᠲᠣᢈᠢᠶᠠᠯᠳᠤᠯ ᠳ᠋ᠤ ᠤᠭ ᠠᠵᠢᠯ ᠢ᠋ ᠳᠠᠭᠤᠰᠤᠭᠰᠠᠨ ᠠ᠋ᠴᠠ ᠬᠣᠶᠢᠰᠢ ᠙᠐ ᠬᠣᠨᠤᠭ ᠤ᠋ᠨ ᠳᠣᠲᠤᠷ ᠠ ᠦᠨᠳᠦᠰᠦᠨ ᠦ᠋ ᠰᠤᠳᠤᠯᠭᠠᠨ ᠤ᠋ ᠨᠢᢉᠡᠳᠦᢉᠰᠡᠨ

ᠴᠠᢈᠢᠮ ᠮᠡᠳᠡᢉᠡᠯᠡᠯ ᠦ᠋ᠨ ᠰᠠᠩ ᠳ᠋ᠤ ᢈᠥᠷᢉᠡᢉᠦᠯᠵᠦ᠂ ᠢᠯᠡ ᠲᠣᠳᠤ᠂ ᢈᠥᠷᠲᠡᢉᠡᠮᠵᠢᠲᠡᠢ ᠪᠠᠶᠢᠯᠭᠠᠨ ᠠ:

᠑᠙᠑᠂᠓᠂᠑᠂ᠡᠨᠡ ᠬᠠᠤᠯᠢ ᠶ᠋ᠢᠨ ᠓᠂᠑᠂᠗᠂ ᠓᠂᠑᠂᠘᠂ ᠓᠂᠑᠂᠙᠂ ᠓᠂᠑᠂᠑᠐᠂ ᠓᠂᠑᠂᠑᠑᠆ᠳ᠋ᠤ ᠵᠢᠭᠠᠭᠰᠠᠨ ᠡᠷᠳᠡᠮ ᠰᠢᠨᠵᠢᠯᠡᢉᠡᠨ ᠦ᠋ ᠠᠵᠢᠯ ᠤ᠋ᠨ ᠲᠠᠶᠢᠯᠤᠨ;

᠑᠙᠑᠂᠓᠂᠒᠂ᠲᠥᠷᠦ ᠶ᠋ᠢᠨ ᠪᠣᠯᠤᠨ ᠣᠷᠤᠨ ᠨᠤᠲᠤᠭ ᠤ᠋ᠨ ᠥᠮᠴᠢ ᠶ᠋ᠢᠨ ᢈᠥᠷᠦᠩᢉᠡ ᠪᠡᠷ ᢈᠢᢉᠰᠡᠨ ᠰᠤᠳᠤᠯᠭ ᠠ ᢈᠥᢉᠵᠢᢉᠦᠯᠦᠯᠲᠡ ᠶ᠋ᠢᠨ ᠠᠵᠢᠯ ᠤ᠋ᠨ ᠲᠠᠶᠢᠯᠤᠨ;

᠑᠙᠑᠂᠓᠂᠓᠂ᠲᠤᠬᠠᠢ ᠶ᠋ᠢᠨ ᠪᠠᠶᠢᠭᠤᠯᠤᠯᠭ ᠠ ᠶ᠋ᠢᠨ ᠰᠤᠳᠤᠯᠤᠭᠠᠴᠢ᠂ ᠡᠷᠳᠡᠮ ᠰᠢᠨᠵᠢᠯᠡᢉᠡᠨ ᠦ᠋ ᠠᠵᠢᠯᠲᠠᠨ ᠤ᠋ ᠡᠷᠳᠡᠮ ᠰᠢᠨᠵᠢᠯᠡᢉᠡᠨ ᠦ᠋ ᠪᠦᠲᠦᢉᠡᠯ ᠢ᠋

ᠥᠪᠠᠷ ᠦ᠋ᠨ ᢈᠢ ᠨᠢ ᠵᠥᠪᠰᠢᠶᠡᠷᠡᠯ ᠢ᠋ ᠦᠨᠳᠦᠰᠦᠯᠡᠨ;

᠑᠙᠑᠂᠓᠂᠔᠂ᠬᠠᠤᠯᠢ ᠳ᠋ᠤ ᠵᠢᠭᠠᠭᠰᠠᠨ ᠪᠣᠰᠤᠳ᠃»

᠒ ᠳ᠋ᠤᠭᠠᠷ ᠵᠦᠶᠢᠯ᠃ᠰᠢᠨᠵᠢᠯᠡᢈᠦ ᠤᠬᠠᠭᠠᠨ᠂ ᠲᠧᠻᠨᠣᠯᠣᢉᠢ ᠶ᠋ᠢᠨ ᠲᠤᠬᠠᠢ ᠬᠠᠤᠯᠢ ᠶ᠋ᠢᠨ ᠓᠒ ᠳ᠋ᠤᠭᠠᠷ ᠵᠦᠶᠢᠯ ᠦ᠋ᠨ ᠓᠒᠂᠒ ᠳ᠋ᠠᢈᠢ ᢈᠡᠰᠡᢉ ᠦ᠋ᠨ «ᠦᠨᠳᠦᠰᠦᠨ ᠦ᠋

ᠬᠣᠷᠢᠶᠠᠨ ᠤ᠋ ᠲᠣᠭᠲᠠᠭᠠᠯ᠂ ᠵᠥᠪᠯᠡᠮᠵᠢ ᠶ᠋ᠢ ᠦᠨᠳᠦᠰᠦᠯᠡᠨ» ᢉᠡᠰᠡᠨ ᠢ᠋ ᠬᠠᠰᠤᠰᠤᠭᠠᠢ᠃

ᠮᠣᠩᠭᠣᠯ ᠤᠯᠤᠰ ᠤ᠋ᠨ

ᠶᠡᢈᠡ ᠬᠤᠷᠠᠯ ᠤ᠋ᠨ ᠳᠠᠷᠤᠭ ᠠ ᠰᠠ ᠂ᠪᠢᠮᠪᠠᠴᠣᠭᠲᠤ

Төрийн мэдээлэл · 2026 · № 21 (1416)959–962-р хуудас