Монгол Улсын Үндсэн хуулийн цэцийн 2025 оны 12 дугаар дүгнэлтийн тухай № 04
2026 оны 03 дугаар Улаанбаатар
сарын 31-ний өдөр Дугаар 04 хот
Монгол Улсын Үндсэн хуулийн цэцийн 2025 оны 12 дугаар дүгнэлтийн тухай
Монгол Улсын Их Хурлын чуулганы хуралдааны дэгийн тухай
хуулийн 84 дүгээр зүйлийн 84.2.3 дахь заалтыг үндэслэн Монгол Улсын Их Хурлаас ТОГТООХ нь:
1.“Монгол Улсын Их Хурлын чуулганы хуралдааны дэгийн тухай
хуулийн 101 дүгээр зүйлийн 101.1 дэх хэсэгт “… уг асуудлыг 7 хоногийн дараа хэлэлцэж эхлэн …” гэсэн нь Монгол Улсын Үндсэн хуулийн Нэгдүгээр зүйлийн 2 дахь хэсгийн “… хууль дээдлэх нь төрийн үйл ажиллагааны үндсэн зарчим мөн.”, Дөчин гуравдугаар зүйлийн 1 дэх хэсгийн “… Улсын Их Хурал гурав хоногийн дараа хэлэлцэж эхлэн арав хоногийн дотор шийдвэрлэнэ. …” гэж заасанд нийцээгүй байна.” гэсэн Үндсэн хуулийн цэцийн 2025 оны 12 дугаар сарын 26-ны өдрийн 12 дугаар дүгнэлтийг хүлээн зөвшөөрсүгэй.
2.“Монгол Улсын Их Хурлын чуулганы хуралдааны дэгийн тухай
хуулийн 102 дугаар зүйлийн 102.1 дэх хэсгийн “… уг асуудлыг 7 хоногийн дараа хэлэлцэж эхлэн түүнээс хойш …” гэсэн нь Монгол Улсын Үндсэн хуулийн Нэгдүгээр зүйлийн 2 дахь хэсгийн “… хууль дээдлэх нь төрийн үйл ажиллагааны үндсэн зарчим мөн.”, Дөчин дөрөвдүгээр зүйлийн 1 дэх хэсгийн “… Улсын Их Хурал гурав хоногийн дараа хэлэлцэж эхлэн арав хоногийн дотор … шийдвэрлэнэ.” гэж заасанд нийцээгүй байна.” гэсэн Үндсэн хуулийн цэцийн 2025 оны 12 дугаар сарын 26-ны өдрийн 12 дугаар дүгнэлтийг хүлээн зөвшөөрсүгэй.
ᠮᠣᠩᠭᠣᠯ ᠤᠯᠤᠰ ᠤ᠋ᠨ ᠶᠡᢈᠡ ᠬᠤᠷᠠᠯ ᠤ᠋ᠨ ᠲᠣᠭᠲᠠᠭᠠᠯ
᠒᠐᠒᠖ ᠣᠨ ᠤ᠋ ᠐᠓ ᠳ᠋ᠤᠭᠠᠷ ᠰᠠᠷ ᠠ ᠶ᠋ᠢᠨ ᠓᠑᠆ᠤ᠋ ᠡᠳᠦᠷ ᠳ᠋ᠤᠭᠠᠷ ᠐᠔ ᠤᠯᠠᠭᠠᠨᠪᠠᠭᠠᠲᠤᠷ ᠬᠣᠲᠠ
ᠮᠣᠩᠭᠣᠯ ᠤᠯᠤᠰ ᠤ᠋ᠨ ᠦᠨᠳᠦᠰᠦᠨ ᠬᠠᠤᠯᠢ ᠶ᠋ᠢᠨ ᠴᠡᠴᠡ ᠶ᠋ᠢᠨ
᠒᠐᠒᠕ ᠣᠨ ᠤ᠋ ᠑᠒ ᠳ᠋ᠤᠭᠠᠷ ᠳ᠋ᠦᠩᠨᠡᠯᠲᠡ ᠶ᠋ᠢᠨ ᠲᠤᠬᠠᠢ
ᠮᠣᠩᠭᠣᠯ ᠤᠯᠤᠰ ᠤ᠋ᠨ ᠶᠡᢈᠡ ᠬᠤᠷᠠᠯ ᠤ᠋ᠨ ᠴᠢᠭᠤᠯᠭᠠᠨ ᠤ᠋ ᠬᠤᠷᠠᠯᠳᠤᠭᠠᠨ ᠤ᠋ ᠳᠢᢉ ᠦ᠋ᠨ ᠲᠤᠬᠠᠢ ᠬᠠᠤᠯᠢ ᠶ᠋ᠢᠨ ᠘᠔ ᠳ᠋ᠦᢉᠡᠷ ᠵᠦᠶᠢᠯ ᠦ᠋ᠨ ᠘᠔᠂᠒᠂᠓ ᠳ᠋ᠠᢈᠢ ᠵᠢᠭᠠᠯᠲᠠ ᠶ᠋ᠢ
ᠦᠨᠳᠦᠰᠦᠯᠡᠨ ᠮᠣᠩᠭᠣᠯ ᠤᠯᠤᠰ ᠤ᠋ᠨ ᠶᠡᢈᠡ ᠬᠤᠷᠠᠯ ᠠ᠋ᠴᠠ ᠲᠣᠭᠲᠠᠭᠠᠬᠤ ᠨᠢ:
᠑᠂«ᠮᠣᠩᠭᠣᠯ ᠤᠯᠤᠰ ᠤ᠋ᠨ ᠶᠡᢈᠡ ᠬᠤᠷᠠᠯ ᠤ᠋ᠨ ᠴᠢᠭᠤᠯᠭᠠᠨ ᠤ᠋ ᠬᠤᠷᠠᠯᠳᠤᠭᠠᠨ ᠤ᠋ ᠳᠢᢉ ᠦ᠋ᠨ ᠲᠤᠬᠠᠢ ᠬᠠᠤᠯᠢ ᠶ᠋ᠢᠨ ᠑᠐᠑ ᠳ᠋ᠦᢉᠡᠷ ᠵᠦᠶᠢᠯ ᠦ᠋ᠨ ᠑᠐᠑᠂᠑ ᠳ᠋ᠡᢈᠢ
ᢈᠡᠰᠡᢉ ᠲᠦ «᠂᠂᠂ᠤᠭ ᠠᠰᠠᠭᠤᠳᠠᠯ ᠢ᠋ ᠗ ᠬᠣᠨᠤᠭ ᠤ᠋ᠨ ᠳᠠᠷᠠᠭ ᠠ ᢈᠡᠯᠡᠯᠴᠡᠵᠦ ᠡᢈᠢᠯᠡᠨ ᠂᠂᠂» ᢉᠡᠰᠡᠨ ᠨᠢ ᠮᠣᠩᠭᠣᠯ ᠤᠯᠤᠰ ᠤ᠋ᠨ ᠦᠨᠳᠦᠰᠦᠨ ᠬᠠᠤᠯᠢ ᠶ᠋ᠢᠨ ᠨᠢᢉᠡᠳᠦᢉᠡᠷ
ᠵᠦᠶᠢᠯ ᠦ᠋ᠨ ᠒ ᠳ᠋ᠠᢈᠢ ᢈᠡᠰᠡᢉ ᠦ᠋ᠨ «᠂᠂᠂ ᠬᠠᠤᠯᠢ ᠳᠡᢉᠡᠳᠦᠯᠡᢈᠦ ᠨᠢ ᠲᠥᠷᠦ ᠶ᠋ᠢᠨ ᠤᠶᠢᠯᠡ ᠠᠵᠢᠯᠯᠠᠭᠠᠨ ᠤ᠋ ᠦᠨᠳᠦᠰᠦᠨ ᠵᠠᠷᠴᠢᠮ ᠮᠥᠨ᠃»᠂ ᠳᠥᠴᠢᠨ ᠭᠤᠷᠪᠠᠳᠤᠭᠠᠷ ᠵᠦᠶᠢᠯ ᠦ᠋ᠨ
᠑ ᠳ᠋ᠡᢈᠢ ᢈᠡᠰᠡᢉ ᠦ᠋ᠨ «᠂᠂᠂ ᠤᠯᠤᠰ ᠤ᠋ᠨ ᠶᠡᢈᠡ ᠬᠤᠷᠠᠯ ᠭᠤᠷᠪᠠ ᠬᠣᠨᠤᠭ ᠤ᠋ᠨ ᠳᠠᠷᠠᠭ ᠠ ᢈᠡᠯᠡᠯᠴᠡᠵᠦ ᠡᢈᠢᠯᠡᠨ ᠠᠷᠪᠠ ᠬᠣᠨᠤᠭ ᠤ᠋ᠨ ᠳᠣᠲᠤᠷ ᠠ ᠰᠢᠢᠳᠪᠤᠷᠢᠯᠡᠨ ᠡ᠃ ᠂᠂᠂» ᢉᠡᠵᠦ
ᠵᠢᠭᠠᠭᠰᠠᠨ ᠳ᠋ᠤ ᠨᠡᠶᠢᠴᠡᢉᠡ ᠦᢉᠡᠢ ᠪᠠᠶᠢᠨ ᠠ᠃» ᢉᠡᠰᠡᠨ ᠦᠨᠳᠦᠰᠦᠨ ᠬᠠᠤᠯᠢ ᠶ᠋ᠢᠨ ᠴᠡᠴᠡ ᠶ᠋ᠢᠨ ᠒᠐᠒᠕ ᠣᠨ ᠤ᠋ ᠑᠒ ᠳ᠋ᠤᠭᠠᠷ ᠰᠠᠷ ᠠ ᠶ᠋ᠢᠨ ᠒᠖᠆ᠤ᠋ ᠡᠳᠦᠷ ᠦ᠋ᠨ ᠑᠒ ᠳ᠋ᠤᠭᠠᠷ
ᠳ᠋ᠦᠩᠨᠡᠯᠲᠡ ᠶ᠋ᠢ ᢈᠦᠯᠢᠶᠡᠨ ᠵᠥᠪᠰᠢᠶᠡᠷᠡᠰᠦᢉᠡᠢ᠃
᠒᠂«ᠮᠣᠩᠭᠣᠯ ᠤᠯᠤᠰ ᠤ᠋ᠨ ᠶᠡᢈᠡ ᠬᠤᠷᠠᠯ ᠤ᠋ᠨ ᠴᠢᠭᠤᠯᠭᠠᠨ ᠤ᠋ ᠬᠤᠷᠠᠯᠳᠤᠭᠠᠨ ᠤ᠋ ᠳᠢᢉ ᠦ᠋ᠨ ᠲᠤᠬᠠᠢ ᠬᠠᠤᠯᠢ ᠶ᠋ᠢᠨ ᠑᠐᠒ ᠳ᠋ᠤᠭᠠᠷ ᠵᠦᠶᠢᠯ ᠦ᠋ᠨ ᠑᠐᠒᠂᠑ ᠳ᠋ᠡᢈᠢ
ᢈᠡᠰᠡᢉ ᠦ᠋ᠨ «᠂᠂᠂ ᠤᠭ ᠠᠰᠠᠭᠤᠳᠠᠯ ᠢ᠋ ᠗ ᠬᠣᠨᠤᠭ ᠤ᠋ᠨ ᠳᠠᠷᠠᠭ ᠠ ᢈᠡᠯᠡᠯᠴᠡᠵᠦ ᠡᢈᠢᠯᠡᠨ ᠲᠡᢉᠦᠨ ᠠ᠋ᠴᠡ ᠬᠣᠶᠢᠰᠢ ᠂᠂᠂» ᢉᠡᠰᠡᠨ ᠨᠢ ᠮᠣᠩᠭᠣᠯ ᠤᠯᠤᠰ ᠤ᠋ᠨ ᠦᠨᠳᠦᠰᠦᠨ
ᠬᠠᠤᠯᠢ ᠶ᠋ᠢᠨ ᠨᠢᢉᠡᠳᠦᢉᠡᠷ ᠵᠦᠶᠢᠯ ᠦ᠋ᠨ ᠒ ᠳ᠋ᠠᢈᠢ ᢈᠡᠰᠡᢉ ᠦ᠋ᠨ «᠂᠂᠂ ᠬᠠᠤᠯᠢ ᠳᠡᢉᠡᠳᠦᠯᠡᢈᠦ ᠨᠢ ᠲᠥᠷᠦ ᠶ᠋ᠢᠨ ᠤᠶᠢᠯᠡ ᠠᠵᠢᠯᠯᠠᠭᠠᠨ ᠤ᠋ ᠦᠨᠳᠦᠰᠦᠨ ᠵᠠᠷᠴᠢᠮ ᠮᠥᠨ᠃» , ᠳᠥᠴᠢᠨ
ᠳᠥᠷᠪᠠᠳᠦᢉᠡᠷ ᠵᠦᠶᠢᠯ ᠦ᠋ᠨ ᠑ ᠳ᠋ᠡᢈᠢ ᢈᠡᠰᠡᢉ ᠦ᠋ᠨ «᠂᠂᠂ ᠤᠯᠤᠰ ᠤ᠋ᠨ ᠶᠡᢈᠡ ᠬᠤᠷᠠᠯ ᠭᠤᠷᠪᠠ ᠬᠣᠨᠤᠭ ᠤ᠋ᠨ ᠳᠠᠷᠠᠭ ᠠ ᢈᠡᠯᠡᠯᠴᠡᠵᠦ ᠡᢈᠢᠯᠡᠨ ᠠᠷᠪᠠ ᠬᠣᠨᠤᠭ ᠤ᠋ᠨ ᠳᠣᠲᠤᠷ ᠠ ᠂᠂᠂
ᠰᠢᠢᠳᠪᠤᠷᠢᠯᠡᠨ ᠡ᠃» ᢉᠡᠵᠦ ᠵᠢᠭᠠᠭᠰᠠᠨ ᠳ᠋ᠤ ᠨᠡᠶᠢᠴᠡᢉᠡ ᠦᢉᠡᠢ ᠪᠠᠶᠢᠨ ᠠ᠃» ᢉᠡᠰᠡᠨ ᠦᠨᠳᠦᠰᠦᠨ ᠬᠠᠤᠯᠢ ᠶ᠋ᠢᠨ ᠴᠡᠴᠡ ᠶ᠋ᠢᠨ ᠒᠐᠒᠕ ᠣᠨ ᠤ᠋ ᠑᠒ ᠳ᠋ᠤᠭᠠᠷ ᠰᠠᠷ ᠠ ᠶ᠋ᠢᠨ ᠒᠖᠆ᠤ᠋
ᠡᠳᠦᠷ ᠦ᠋ᠨ ᠑᠒ ᠳ᠋ᠤᠭᠠᠷ ᠳ᠋ᠦᠩᠨᠡᠯᠲᠡ ᠶ᠋ᠢ ᢈᠦᠯᠢᠶᠡᠨ ᠵᠥᠪᠰᠢᠶᠡᠷᠡᠰᠦᢉᠡᠢ᠃
ᠮᠣᠩᠭᠣᠯ ᠤᠯᠤᠰ ᠤ᠋ᠨ
ᠶᠡᢈᠡ ᠬᠤᠷᠠᠯ ᠤ᠋ᠨ ᠳᠠᠷᠤᠭ ᠠ ᠰᠠ ᠂ᠪᠢᠮᠪᠠᠴᠣᠭᠲᠤ