Монгол Улсын Их Хурал
ТӨРИЙН
МЭДЭЭЛЭЛ
(ХУУЛЬ, ТОГТООЛ, ЗАРЛИГ)
№ 48
(1344)
— 4517 —

Төрийн болон орон нутгийн өмчийн тухай хуульд нэмэлт, өөрчлөлт оруулах тухай

2024 оны 12 дугаар Улаанбаатар

сарын 12-ны өдөр хот

ТӨРИЙН БОЛОН ОРОН НУТГИЙН ӨМЧИЙН
ТУХАЙ ХУУЛЬД НЭМЭЛТ, ӨӨРЧЛӨЛТ
ОРУУЛАХ ТУХАЙ

1 дүгээр зүйл.Төрийн болон орон нутгийн өмчийн тухай хуулийн

211 дүгээр зүйлд доор дурдсан агуулгатай 11-14 дэх хэсэг нэмсүгэй:

“11.Төрийн өмчийн бодлого, зохицуулалтын асуудал эрхэлсэн

төрийн захиргааны байгууллага дараах тохиолдолд тухайн төрийн өмчит хуулийн этгээдийг өөрчлөн байгуулах, эсхүл татан буулгах саналыг Засгийн газарт хүргүүлнэ:

1/энэ хуулийн 211 дүгээр зүйлийн 31-д заасны дагуу

эцэслэн тохирсон зорилтын саналын хэрэгжилт гурван жил дараалан хангалтгүй гэж дүгнэгдсэн;

2/үйлдвэрлэлийг өргөжүүлэх, технологийг шинэчлэхэд

хөрөнгө оруулснаас бусад тохиолдолд гурван жил дараалан санхүүгийн алдагдал хүлээсэн.

12.Төрийн өмчит хуулийн этгээдийн үйл ажиллагаанд олон улсад

хүлээн зөвшөөрөгдсөн аудитын хуулийн этгээдээр аудит хийлгэж болно. Тухайн санхүүгийн жилд аудит хийлгэх төрийн өмчит хуулийн этгээдийн жагсаалт болон аудит хийх хуулийн этгээдийг сонгон шалгаруулах этгээдийг Засгийн газар тогтооно.

13.Төрийн өмчит болон төрийн өмчийн оролцоотой хуулийн этгээд

Шилэн дансны тухай хуулийн 6.1, 6.4, 6.8 дахь хэсэг, Нийтийн мэдээллийн ил тод байдлын тухай хуулийн 8 дугаар зүйлд заасан мэдээлэл болон дараах мэдээллийг хуульд заасан хугацаанд, мөн тэдгээрт өөрчлөлт оруулсан тухай бүрд өөрийн цахим хуудсаар дамжуулан нийтэд мэдээлнэ:

1/хуулийн этгээдийн үйл ажиллагааны төлөвлөгөө, төсөв,

менежментийн төлөвлөгөө;

2/хуулийн этгээдийн зарласан болон гаргасан, эргүүлэн

худалдан авсан хувьцааны тоо, төрөл, нэрлэсэн үнэ, өөрийн хөрөнгийн хэмжээ, биет, биет бус хөрөнгийн талаарх мэдээлэл;

3/хуулийн этгээдийн сүүлийн таван жилд хөндлөнгийн

аудит хийлгэсэн санхүүгийн тайлан;

МОНГОЛ УЛСЫН ХУУЛЬ

4/хуулийн этгээдийн үйл ажиллагаанд учирч болох

эрсдэл, эрсдэлийн удирдлагын үйл ажиллагааны төлөвлөгөө;

5/хуулийн этгээдийн байгуулсан их хэмжээний болон

сонирхлын зөрчилтэй гэрээ, хэлцлийн талаарх мэдээлэл;

6/хуулийн этгээдийн гүйцэтгэх удирдлагын ажлын

гүйцэтгэлийг үнэлэх санхүүгийн болон үйл ажиллагааны шалгуур үзүүлэлт, гэрээ, түүний гүйцэтгэлийг дүгнэсэн мэдээлэл, гүйцэтгэх удирдлагын гэрээг сунгах эсэх тухай гаргасан шийдвэр;

7/хуулийн этгээдийн эсрэг, эсхүл хуулийн этгээдтэй

холбогдуулан гаргасан нэхэмжлэл, хэрэг маргаан, хуулийн зөвлөх үйлчилгээ үзүүлсэн хуульч, өмгөөлөгч, хуулийн этгээдийн талаарх мэдээлэл;

8/хуулийн этгээдийн дүрэм, хуулийн этгээдийн үйл

ажиллагааны болон засаглалын дотоод журам;

9/тухайн жилд хэрэгжүүлэхээр төлөвлөсөн хөрөнгө

оруулалтын мэдээлэл, хэрэгжилтийн байдал;

10/бараа, ажил, үйлчилгээ худалдан авалтын болон

нийлүүлэгч этгээдийн талаарх мэдээлэл, гэрээний хугацаа, үнийн дүн, сонгон шалгаруулалтын аргачлал, хэрэгжилтийн явц;

11/Төрийн болон албаны нууцын тухай хууль,

Байгууллагын нууцын тухай хуульд заасан нууц болон холбогдох бусад хуульд заасан хаалттай, хязгаарлалттай мэдээлэл агуулаагүй төлөөлөн удирдах зөвлөлийн шийдвэр;

12/байгууллагын нууцад хамааруулсан мэдээллийн

жагсаалт;

13/тухайн санхүүгийн жилд төлсөн албан татвар, төлбөр,

хураамж;

14/төсвөөс болон бусад эх үүсвэрээс авсан дэмжлэг,

хандив, тусламж.

14.Энэ зүйлийн 13 дахь хэсэгт заасан мэдээллийг нийтэд

мэдээлэх, эрх бүхий байгууллагад тайлагнах үүргийг төрийн болон орон нутгийн өмчит хуулийн этгээдийн гүйцэтгэх удирдлагатай байгуулах гэрээнд тусгана.”

2 дугаар зүйл.Төрийн болон орон нутгийн өмчийн тухай хуулийн

79 дүгээр зүйлийг доор дурдсанаар өөрчлөн найруулсугай:

“79 дүгээр зүйл.Орон нутгийн өмчит хуулийн этгээдийн эд хөрөнгийн эрх

Орон нутгийн өмчит хуулийн этгээд энэ хуулийн 14, 16, 17, 21

дүгээр зүйл, 211 дүгээр зүйлийн 13 дахь хэсэгт заасан эрх эдэлж, үүрэг хүлээнэ.”

3 дугаар зүйл.Энэ хуулийг 2025 оны 01 дүгээр сарын 01-ний

өдрөөс эхлэн дагаж мөрдөнө.

МОНГОЛ УЛСЫН
ИХ ХУРЛЫН ДАРГА Д.АМАРБАЯСГАЛАН

᠒᠐᠒᠔ ᠣᠨ ᠤ᠋ ᠑᠒ ᠳ᠋ᠤᠭᠠᠷ ᠰᠠᠷ ᠠ ᠶ᠋ᠢᠨ ᠑᠒᠆ ᠤ᠋ᠨ ᠡᠳᠦᠷ ᠤᠯᠠᠭᠠᠨᠪᠠᠭᠠᠲᠤᠷ ᠬᠣᠲᠠ

ᠲᠥᠷᠦ ᠶ᠋ᠢᠨ ᠪᠤᠯᠤᠨ ᠣᠷᠤᠨ ᠨᠤᠲᠤᠭ ᠤ᠋ᠨ ᠥᠮᠴᠢ ᠶ᠋ᠢᠨ

ᠲᠤᠬᠠᠢ ᠬᠠᠤᠯᠢ ᠳ᠋ᠤ ᠨᠡᠮᠡᠯᠲᠡ᠂ ᠥᢉᠡᠷᠡᠴᠢᠯᠡᠯᠲᠡ

ᠣᠷᠤᠭᠤᠯᠬᠤ ᠲᠤᠬᠠᠢ

᠑ ᠳ᠋ᠦᢉᠡᠷ ᠵᠦᠶᠢᠯ᠃ᠲᠥᠷᠦ ᠶ᠋ᠢᠨ ᠪᠤᠯᠤᠨ ᠣᠷᠤᠨ ᠨᠤᠲᠤᠭ ᠤ᠋ᠨ ᠥᠮᠴᠢ ᠶ᠋ᠢᠨ ᠲᠤᠬᠠᠢ ᠬᠠᠤᠯᠢ ᠶ᠋ᠢᠨ ᠒᠑᠑ ᠳ᠋ᠦᢉᠡᠷ ᠵᠦᠶᠢᠯ ᠳ᠋ᠦ ᠳᠣᠣᠷ ᠠ ᠳᠤᠷᠠᠳᠤᠭᠰᠠᠨ ᠠᠭᠤᠯᠭ ᠠ ᠲᠠᠢ

᠑᠑ ᠆᠑᠔ ᠳ᠋ᠡᢈᠢ ᢈᠡᠰᠡᢉ ᠨᠡᠮᠡᠰᠦᢉᠡᠢ:

«᠑᠑᠂ᠲᠥᠷᠦ ᠶ᠋ᠢᠨ ᠥᠮᠴᠢ ᠶ᠋ᠢᠨ ᠪᠤᠳᠤᠯᠭ ᠠ᠂ ᠵᠣᢈᠢᠴᠠᠭᠤᠯᠤᠯᠲᠠ ᠶ᠋ᠢᠨ ᠠᠰᠠᠭᠤᠳᠠᠯ ᠡᠷᢈᠢᠯᠡᢉᠰᠡᠨ ᠲᠥᠷᠦ ᠶ᠋ᠢᠨ ᠵᠠᢈᠢᠷᠭᠠᠨ ᠤ᠋ ᠪᠠᠶᠢᠭᠤᠯᠤᠯᠭ ᠠ ᠳᠠᠷᠠᠭᠠᢈᠢ

ᠲᠣᢈᠢᠶᠠᠯᠳᠤᠯ ᠳ᠋ᠤ ᠲᠤᠬᠠᠢ ᠶ᠋ᠢᠨ ᠲᠥᠷᠦ ᠶ᠋ᠢᠨ ᠥᠮᠴᠢᠲᠦ ᠬᠠᠤᠯᠢ ᠶ᠋ᠢᠨ ᠡᠲᠡᢉᠡᠳ ᠢ᠋ ᠥᢉᠡᠷᠡᠴᠢᠯᠡᠨ ᠪᠠᠶᠢᠭᠤᠯᠬᠤ᠂ ᠡᠰᠡᢈᠦᠯ ᠡ ᠲᠠᠲᠠᠨ ᠪᠠᠭᠤᠯᠭᠠᠬᠤ ᠰᠠᠨᠠᠯ ᠢ᠋ ᠵᠠᠰᠠᠭ ᠤ᠋ᠨ

ᠭᠠᠵᠠᠷ ᠲᠤ ᢈᠦᠷᢈᠡᢉᠦᠯᠦᠨ ᠡ:

᠑/ᠡᠨᠡ ᠬᠠᠤᠯᠢ ᠶ᠋ᠢᠨ ᠒᠑᠑ ᠳ᠋ᠦᢉᠡᠷ ᠵᠦᠶᠢᠯ ᠦ᠋ᠨ ᠓᠑᠆ᠳ᠋ᠤ ᠵᠢᠭᠠᠭᠰᠠᠨ ᠤ᠋ ᠳᠠᠭᠠᠭᠤ ᠡᠴᠦᠰᠯᠡᠨ ᠲᠣᢈᠢᠷᠠᠭᠰᠠᠨ ᠵᠣᠷᠢᠯᠲᠠ ᠶ᠋ᠢᠨ ᠰᠠᠨᠠᠯ ᠤ᠋ᠨ ᢈᠡᠷᠡᢉᠵᠢᠯᠲᠡ

ᠭᠤᠷᠪᠠᠨ ᠵᠢᠯ ᠳᠠᠷᠠᠭᠠᠯᠠᠨ ᠬᠠᠩᠭᠠᠯᠲᠠ ᠦᢉᠡᠢ ᢉᠡᠵᠦ ᠳ᠋ᠦᠩᠨᠡᢉᠳᠡᢉᠰᠡᠨ;

᠒/ᠤᠶᠢᠯᠡᠳᠪᠤᠷᠢᠯᠡᠯ ᠢ᠋ ᠥᠷᢉᠡᠵᠢᢉᠦᠯᢈᠦ᠂ ᠲᠧᠻᠨᠤᠯᠤᢉᠢ ᠶ᠋ᠢ ᠰᠢᠨᠡᠴᠢᠯᠡᢈᠦ ᠳ᠋ᠦ ᢈᠦᠷᠦᠩᢉᠡ ᠣᠷᠤᠭᠤᠯᠤᠭᠰᠠᠨ ᠡᠴᠠ ᠪᠤᠰᠤᠳ ᠲᠣᢈᠢᠶᠠᠯᠳᠤᠯ ᠳ᠋ᠤ ᠭᠤᠷᠪᠠᠨ

ᠵᠢᠯ ᠳᠠᠷᠠᠭᠠᠯᠠᠨ ᠰᠠᠩᢈᠦᠦ ᠶ᠋ᠢᠨ ᠠᠯᠳᠠᠭᠳᠠᠯ ᢈᠦᠯᠢᠶᠡᢉᠰᠡᠨ᠃

᠑᠒᠂ᠲᠥᠷᠦ ᠶ᠋ᠢᠨ ᠥᠮᠴᠢᠲᠦ ᠬᠠᠤᠯᠢ ᠶ᠋ᠢᠨ ᠡᠲᠡᢉᠡᠳ ᠦ᠋ᠨ ᠤᠶᠢᠯᠡ ᠠᠵᠢᠯᠯᠠᠭᠠᠨ ᠳ᠋ᠤ ᠣᠯᠠᠨ ᠤᠯᠤᠰ ᠲᠤ ᢈᠦᠯᠢᠶᠡᠨ ᠵᠥᠪᠰᠢᠶᠡᠷᠡᢉᠳᠡᢉᠰᠡᠨ ᠠᠦᠳᠢᠲ ᠤ᠋ᠨ ᠬᠠᠤᠯᠢ ᠶ᠋ᠢᠨ

ᠡᠲᠡᢉᠡᠳ ᠢ᠋ᠶᠡᠷ ᠠᠦᠳᠢᠲ ᢈᠢᠯᢉᠡᠵᠦ ᠪᠤᠯᠤᠨ ᠠ᠃ ᠲᠤᠬᠠᠢ ᠶ᠋ᠢᠨ ᠰᠠᠩᢈᠦᠦ ᠶ᠋ᠢᠨ ᠵᠢᠯ ᠳ᠋ᠦ ᠠᠦᠳᠢᠲ ᢈᠢᠯᢉᠡᢈᠦ ᠲᠥᠷᠦ ᠶ᠋ᠢᠨ ᠥᠮᠴᠢᠲᠦ ᠬᠠᠤᠯᠢ ᠶ᠋ᠢᠨ ᠡᠲᠡᢉᠡᠳ ᠦ᠋ᠨ ᠵᠢᠭᠰᠠᠭᠠᠯᠲᠠ

ᠪᠤᠯᠤᠨ ᠠᠦᠳᠢᠲ ᢈᠢᢈᠦ ᠬᠠᠤᠯᠢ ᠶ᠋ᠢᠨ ᠡᠲᠡᢉᠡᠳ ᠢ᠋ ᠰᠣᠩᠭᠤᠨ ᠰᠢᠯᠭᠠᠷᠠᠭᠤᠯᠬᠤ ᠡᠲᠡᢉᠡᠳ ᠢ᠋ ᠵᠠᠰᠠᠭ ᠤ᠋ᠨ ᠭᠠᠵᠠᠷ ᠲᠣᠭᠲᠠᠭᠠᠨ ᠠ᠃

᠑᠓᠂ᠲᠥᠷᠦ ᠶ᠋ᠢᠨ ᠥᠮᠴᠢᠲᠦ ᠪᠤᠯᠤᠨ ᠲᠥᠷᠦ ᠶ᠋ᠢᠨ ᠥᠮᠴᠢ ᠶ᠋ᠢᠨ ᠣᠷᠣᠯᠴᠠᠭ ᠡ ᠲᠠᠢ ᠬᠠᠤᠯᠢ ᠶ᠋ᠢᠨ ᠡᠲᠡᢉᠡᠳ ᠰᠢᠯ ᠤ᠋ᠨ ᠳᠠᠩᠰᠠᠨ ᠤ᠋ ᠲᠤᠬᠠᠢ ᠬᠠᠤᠯᠢ ᠶ᠋ᠢᠨ

᠖᠂᠑᠂ ᠖᠂᠔᠂ ᠖᠂᠘ ᠳ᠋ᠠᢈᠢ ᢈᠡᠰᠡᢉ᠂ ᠨᠡᠶᠢᠲᠡ ᠶ᠋ᠢᠨ ᠮᠡᠳᠡᢉᠡᠯᠡᠯ ᠦ᠋ᠨ ᠢᠯᠡ ᠲᠣᠳᠤ ᠪᠠᠶᠢᠳᠠᠯ ᠤ᠋ᠨ ᠲᠤᠬᠠᠢ ᠬᠠᠤᠯᠢ ᠶ᠋ᠢᠨ ᠘ ᠳ᠋ᠤᠭᠠᠷ ᠵᠦᠢᠯ ᠳ᠋ᠦ ᠵᠢᠭᠠᠭᠰᠠᠨ ᠮᠡᠳᠡᢉᠡᠯᠡᠯ ᠪᠤᠯᠤᠨ

ᠳᠠᠷᠠᠭᠠᢈᠢ ᠮᠡᠳᠡᢉᠡᠯᠡᠯ ᠢ᠋ ᠬᠠᠤᠯᠢ ᠳ᠋ᠤ ᠵᠢᠭᠠᠭᠰᠠᠨ ᠬᠤᠭᠤᠴᠠᠭᠠᠨ ᠳ᠋ᠤ᠂ ᠮᠥᠨ ᠲᠡᠳᠡᢉᠡᠷ ᠲᠦ ᠥᢉᠡᠷᠡᠴᠢᠯᠡᠯᠲᠡ ᠣᠷᠤᠭᠤᠯᠤᠭᠰᠠᠨ ᠲᠤᠬᠠᠢ ᠪᠦᠷᠢ ᠳ᠋ᠦ ᠥᠪᠠᠷ ᠦ᠋ᠨ ᠴᠠᢈᠢᠮ

ᠬᠠᠭᠤᠳᠠᠰᠤ ᠪᠠᠷ ᠳᠠᠮᠵᠢᠭᠤᠯᠤᠨ ᠨᠡᠶᠢᠲᠡ ᠳ᠋ᠦ ᠮᠡᠳᠡᢉᠡᠯᠡᠨ ᠡ:

Moehgo& Folo_ oa HeolI

᠑/ᠬᠠᠤᠯᠢ ᠶ᠋ᠢᠨ ᠡᠲᠡᢉᠡᠳ ᠦ᠋ᠨ ᠦᠢᠯᠡ ᠠᠵᠢᠯᠯᠠᠭᠠᠨ ᠤ᠋ ᠲᠥᠯᠦᠪᠯᠡᢉᠡ᠂ ᠲᠥᠰᠦᠪ᠂ ᠮᠧᠨᠧᠵᠮᠧᠨᠲ ᠦ᠋ᠨ ᠲᠥᠯᠦᠪᠯᠡᢉᠡ;

᠒/ᠬᠠᠤᠯᠢ ᠶ᠋ᠢᠨ ᠡᠲᠡᢉᠡᠳ ᠦ᠋ᠨ ᠵᠠᠷᠯᠠᠭᠰᠠᠨ ᠪᠤᠯᠤᠨ ᠭᠠᠷᠭᠠᠭᠰᠠᠨ᠂ ᠡᠷᢉᠢᢉᠦᠯᠦᠨ ᠬᠤᠳᠠᠯᠳᠤᠨ ᠠᠪᠤᠭᠰᠠᠨ ᠬᠤᠪᠢᠴᠠᠭᠠᠨ ᠤ᠋ ᠲᠣᠭ ᠠ᠂ ᠲᠥᠷᠦᠯ᠂ ᠨᠡᠷᠡᠯᠡᢉᠰᠡᠨ

ᠦᠨ ᠡ᠂ ᠥᠪᠠᠷ ᠦ᠋ᠨ ᢈᠦᠷᠦᠩᢉᠡ ᠶ᠋ᠢᠨ ᢈᠡᠮᠵᠢᠶ ᠡ᠂ ᠪᠠᠶᠡᠲᠦ᠂ ᠪᠠᠶᠡᠲᠦ ᠪᠤᠰᠤ ᢈᠦᠷᠦᠩᢉᠡ ᠶ᠋ᠢᠨ ᠲᠠᠯᠠᠭᠠᠷᢈᠢ ᠮᠡᠳᠡᢉᠡᠯᠡᠯ;

᠓/ᠬᠠᠤᠯᠢ ᠶ᠋ᠢᠨ ᠡᠲᠡᢉᠡᠳ ᠦ᠋ᠨ ᠰᠡᢉᠦᠯ ᠦ᠋ᠨ ᠲᠠᠪᠤᠨ ᠵᠢᠯ ᠳ᠋ᠦ ᢈᠦᠨᠳᠡᠯᠡᠨ ᠦ᠋ ᠠᠦᠳᠢᠲ ᢈᠢᠯᢉᠡᢉᠰᠡᠨ ᠰᠠᠩᢈᠦᠦ ᠶ᠋ᠢᠨ ᠲᠠᠶᠢᠯᠤᠨ;

᠔/ᠬᠠᠤᠯᠢ ᠶ᠋ᠢᠨ ᠡᠲᠡᢉᠡᠳ ᠦ᠋ᠨ ᠦᠢᠯᠡ ᠠᠵᠢᠯᠯᠠᠭᠠᠨ ᠳ᠋ᠤ ᠤᠴᠠᠷᠠᠵᠤ ᠪᠤᠯᠬᠤ ᠡᠷᠦᠰᠳᠡᠯ᠂ ᠡᠷᠦᠰᠳᠡᠯ ᠦ᠋ᠨ ᠤᠳᠤᠷᠢᠳᠤᠯᠭ ᠠ ᠶ᠋ᠢᠨ ᠤᠶᠢᠯᠡ ᠠᠵᠢᠯᠯᠠᠭᠠᠨ ᠤ᠋

ᠲᠥᠯᠦᠪᠯᠡᢉᠡ;

᠕/ᠬᠠᠤᠯᠢ ᠶ᠋ᠢᠨ ᠡᠲᠡᢉᠡᠳ ᠦ᠋ᠨ ᠪᠠᠶᠢᠭᠤᠯᠤᠭᠰᠠᠨ ᠶᠡᢈᠡ ᢈᠡᠮᠵᠢᠶᠡᠨ ᠦ᠋ ᠪᠤᠯᠤᠨ ᠰᠣᠨᠢᠷᠬᠠᠯ ᠤ᠋ᠨ ᠵᠥᠷᠢᠴᠡᠯ ᠲᠡᠢ ᢉᠡᠷ ᠡ᠂ ᢈᠡᠯᠡᠴᠡᠯ ᠦ᠋ᠨ ᠲᠠᠯᠠᠭᠠᠷᢈᠢ ᠮᠡᠳᠡᢉᠡᠯᠡᠯ;

᠖/ᠬᠠᠤᠯᠢ ᠶ᠋ᠢᠨ ᠡᠲᠡᢉᠡᠳ ᠦ᠋ᠨ ᢉᠦᠢᠴᠡᠳᢈᠡᢈᠦ ᠤᠳᠤᠷᠢᠳᠤᠯᠭ ᠠ ᠶ᠋ᠢᠨ ᠠᠵᠢᠯ ᠤ᠋ᠨ ᢉᠦᠢᠴᠡᠳᢈᠡᠯ ᠢ᠋ ᠦᠨᠡᠯᠡᢈᠦ ᠰᠠᠩᢈᠦᠦ ᠶ᠋ᠢᠨ ᠪᠤᠯᠤᠨ ᠤᠶᠢᠯᠡ ᠠᠵᠢᠯᠯᠠᠭᠠᠨ ᠤ᠋

ᠰᠢᠯᠭᠠᠭᠤᠷ ᠦᠵᠡᢉᠦᠯᠦᠯᠲᠡ᠂ ᢉᠡᠷ ᠡ᠂ ᠲᠡᢉᠦᠨ ᠦ᠋ ᢉᠦᠢᠴᠡᠳᢈᠡᠯ ᠢ᠋ ᠳ᠋ᠦᠩᠨᠡᢉᠰᠡᠨ ᠮᠡᠳᠡᢉᠡᠯᠡᠯ᠂ ᢉᠦᠶᠢᠴᠡᠳᢈᠡᢈᠦ ᠤᠳᠤᠷᠢᠳᠤᠯᠭ ᠠ ᠶ᠋ᠢᠨ ᢉᠡᠷ ᠡ ᠶ᠋ᠢ ᠰᠤᠩᠭᠠᠬᠤ ᠡᠰᠡᢈᠦ ᠲᠤᠬᠠᠢ

ᠭᠠᠷᠭᠠᠭᠰᠠᠨ ᠰᠢᠢᠳᠪᠤᠷᠢ;

᠗/ᠬᠠᠤᠯᠢ ᠶ᠋ᠢᠨ ᠡᠲᠡᢉᠡᠳ ᠦ᠋ᠨ ᠡᠰᠡᠷᢉᠦ᠂ ᠡᠰᠡᢈᠦᠯ ᠡ ᠬᠠᠤᠯᠢ ᠶ᠋ᠢᠨ ᠡᠲᠡᢉᠡᠳ ᠲᠡᠢ ᠬᠣᠯᠪᠤᠭᠳᠠᠭᠤᠯᠤᠨ ᠭᠠᠷᠭᠠᠭᠰᠠᠨ ᠨᠡᢈᠡᠮᠵᠢᠯᠡᠯ᠂ ᢈᠡᠷᠡᢉ ᠮᠠᠷᠭᠤᠭᠠᠨ᠂

ᠬᠠᠤᠯᠢ ᠶ᠋ᠢᠨ ᠵᠥᠪᠯᠡᢈᠦ ᠦᠢᠯᠡᠴᠢᠯᠡᢉᠡ ᠦᠵᠡᢉᠦᠯᠦᢉᠰᠡᠨ ᠬᠠᠤᠯᠢᠴᠢ᠂ ᠥᠮᠦᢉᠡᠯᠡᢉᠴᠢ᠂ ᠬᠠᠤᠯᠢ ᠶ᠋ᠢᠨ ᠡᠲᠡᢉᠡᠳ ᠦ᠋ᠨ ᠲᠠᠯᠠᠭᠠᠷᢈᠢ ᠮᠡᠳᠡᢉᠡᠯᠡᠯ;

᠘/ᠬᠠᠤᠯᠢ ᠶ᠋ᠢᠨ ᠡᠲᠡᢉᠡᠳ ᠦ᠋ᠨ ᠳᠦᠷᠢᠮ᠂ ᠬᠠᠤᠯᠢ ᠶ᠋ᠢᠨ ᠡᠲᠡᢉᠡᠳ ᠦ᠋ᠨ ᠤᠶᠢᠯᠡ ᠠᠵᠢᠯᠯᠠᠭᠠᠨ ᠤ᠋ ᠪᠤᠯᠤᠨ ᠵᠠᠰᠠᠭᠯᠠᠯ ᠤ᠋ᠨ ᠳᠣᠲᠤᠭᠠᠳᠤ ᠵᠢᠷᠤᠮ;

᠙/ᠲᠤᠬᠠᠢ ᠶ᠋ᠢᠨ ᠵᠢᠯ ᠳ᠋ᠦ ᢈᠡᠷᠡᢉᠵᠢᢉᠦᠯᢈᠦ ᠪᠠᠷ ᠲᠥᠯᠦᠪᠯᠡᢉᠰᠡᠨ ᢈᠦᠷᠦᠩᢉᠡ ᠣᠷᠤᠭᠤᠯᠤᠯᠲᠠ ᠶ᠋ᠢᠨ ᠮᠡᠳᠡᢉᠡᠯᠡᠯ᠂ ᢈᠡᠷᠡᢉᠵᠢᠯᠲᠡ ᠶ᠋ᠢᠨ ᠪᠠᠶᠢᠳᠠᠯ;

᠑᠐/ᠪᠠᠷᠠᠭ ᠠ᠂ ᠠᠵᠢᠯ᠂ ᠦᠢᠯᠡᠴᠢᠯᠡᢉᠡ ᠬᠤᠳᠠᠯᠳᠤᠨ ᠠᠪᠤᠯᠲᠠ ᠶ᠋ᠢᠨ ᠪᠤᠯᠤᠨ ᠨᠡᠶᠢᠯᠡᢉᠦᠯᠦᢉᠴᠢ ᠡᠲᠡᢉᠡᠳ ᠦ᠋ᠨ ᠲᠠᠯᠠᠭᠠᠷᢈᠢ ᠮᠡᠳᠡᢉᠡᠯᠡᠯ᠂ ᢉᠡᠷ ᠡ ᠶ᠋ᠢᠨ

ᠬᠤᠭᠤᠴᠠᠭ ᠠ᠂ ᠦᠨ ᠡ ᠶ᠋ᠢᠨ ᠳ᠋ᠦᠩ᠂ ᠰᠣᠩᠭᠤᠨ ᠰᠢᠯᠭᠠᠷᠠᠭᠤᠯᠤᠯᠲᠠ ᠶ᠋ᠢᠨ ᠠᠷᠭᠠᠴᠢᠯᠠᠯ᠂ ᢈᠡᠷᠡᢉᠵᠢᠯᠲᠡ ᠶ᠋ᠢᠨ ᠶᠠᠪᠤᠴᠠ;

᠑᠑/ᠲᠥᠷᠦ ᠶ᠋ᠢᠨ ᠪᠤᠯᠤᠨ ᠠᠯᠪᠠᠨ ᠤ᠋ ᠨᠢᠭᠤᠴᠠ ᠶ᠋ᠢᠨ ᠲᠤᠬᠠᠢ ᠬᠠᠤᠯᠢ᠂ ᠪᠠᠶᠢᠭᠤᠯᠤᠯᠭ ᠠ ᠶ᠋ᠢᠨ ᠨᠢᠭᠤᠴᠠ ᠶ᠋ᠢᠨ ᠲᠤᠬᠠᠢ ᠬᠠᠤᠯᠢ ᠳ᠋ᠤ ᠵᠢᠭᠠᠭᠰᠠᠨ ᠨᠢᠭᠤᠴᠠ

ᠪᠤᠯᠤᠨ ᠬᠣᠯᠪᠤᠭᠳᠠᠬᠤ ᠪᠤᠰᠤᠳ ᠬᠠᠤᠯᠢ ᠳ᠋ᠤ ᠵᠢᠭᠠᠭᠰᠠᠨ ᠬᠠᠭᠠᠯᠲᠠᠲᠠᠢ᠂ ᢈᠢᠵᠠᠭᠠᠷᠯᠠᠯᠲᠠ ᠲᠠᠢ ᠮᠡᠳᠡᢉᠡᠯᠡᠯ ᠠᠭᠤᠯᠤᠭ ᠠ ᠦᢉᠡᠢ ᠲᠥᠯᠦᢉᠡᠯᠡᠨ ᠤᠳᠤᠷᠢᠳᠬᠤ ᠵᠥᠪᠯᠡᠯ ᠦ᠋ᠨ ᠰᠢᠢᠳᠪᠤᠷᠢ;

᠑᠒/ᠪᠠᠶᠢᠭᠤᠯᠤᠯᠭ ᠠ ᠶ᠋ᠢᠨ ᠨᠢᠭᠤᠴᠠ ᠳ᠋ᠤ ᠬᠠᠮᠢᠶᠠᠷᠤᠭᠤᠯᠤᠭᠰᠠᠨ ᠮᠡᠳᠡᢉᠡᠯᠡᠯ ᠦ᠋ᠨ ᠵᠢᠭᠰᠠᠭᠠᠯᠲᠠ;

᠑᠓/ᠲᠤᠬᠠᠢ ᠶ᠋ᠢᠨ ᠰᠠᠩᢈᠦᠦ ᠶ᠋ᠢᠨ ᠵᠢᠯ ᠳ᠋ᠦ ᠲᠥᠯᠦᢉᠰᠡᠨ ᠠᠯᠪᠠᠨ ᠲᠠᠲᠠᠪᠤᠷᠢ᠂ ᠲᠥᠯᠦᠪᠤᠷᠢ᠂ ᠬᠤᠷᠢᠶᠠᠮᠵᠢ;

᠑᠔/ᠲᠥᠰᠦᠪ ᠡᠴᠡ ᠪᠤᠯᠤᠨ ᠪᠤᠰᠤᠳ ᠡᢈᠢ ᠡᢉᠦᠰᠪᠤᠷᠢ ᠡᠴᠡ ᠠᠪᠤᠭᠰᠠᠨ ᠳᠡᠮᠵᠢᠯᢉᠡ᠂ ᠬᠠᠨᠳᠢᠪ᠂ ᠲᠤᠰᠠᠯᠠᠮᠵᠢ᠃

᠑᠔᠂ᠡᠨᠡ ᠵᠦᠢᠯ ᠦ᠋ᠨ ᠑᠓ ᠳ᠋ᠠᢈᠢ ᢈᠡᠰᠡᢉ ᠲᠦ ᠵᠢᠭᠠᠭᠰᠠᠨ ᠮᠡᠳᠡᢉᠡᠯᠡᠯ ᠢ᠋ ᠨᠡᠶᠢᠲᠡ ᠳ᠋ᠦ ᠮᠡᠳᠡᢉᠡᠯᠡᢈᠦ᠂ ᠡᠷᢈᠡ ᠪᠦᢈᠦᠢ ᠪᠠᠶᠢᠭᠤᠯᠤᠯᠭ ᠠ ᠳ᠋ᠤ ᠲᠠᠶᠢᠯᠤᠩᠨᠠᠬᠤ ᠡᢉᠦᠷᢉᠡ ᠶ᠋ᠢ

ᠲᠥᠷᠦ ᠶ᠋ᠢᠨ ᠪᠤᠯᠤᠨ ᠣᠷᠤᠨ ᠨᠤᠲᠤᠭ ᠤ᠋ᠨ ᠥᠮᠴᠢᠲᠦ ᠬᠠᠤᠯᠢ ᠶ᠋ᠢᠨ ᠡᠲᠡᢉᠡᠳ ᠦ᠋ᠨ ᢉᠦᠢᠴᠡᠳᢈᠡᢈᠦ ᠤᠳᠤᠷᠢᠳᠤᠯᠭ ᠠ ᠲᠠᠢ ᠪᠠᠶᠢᠭᠤᠯᠬᠤ ᢉᠡᠷ ᠡ ᠳ᠋ᠦ ᠲᠤᠰᠬᠠᠨ ᠠ᠃»

᠒ ᠳ᠋ᠤᠭᠠᠷ ᠵᠦᠶᠢᠯ᠃ᠲᠥᠷᠦ ᠶ᠋ᠢᠨ ᠪᠤᠯᠤᠨ ᠣᠷᠤᠨ ᠨᠤᠲᠤᠭ ᠤ᠋ᠨ ᠥᠮᠴᠢ ᠶ᠋ᠢᠨ ᠲᠤᠬᠠᠢ ᠬᠠᠤᠯᠢ ᠶ᠋ᠢᠨ ᠗᠙ ᠳ᠋ᠦᢉᠡᠷ ᠵᠦᠶᠢᠯ ᠢ᠋ ᠳᠣᠣᠷ ᠠ ᠳᠤᠷᠠᠳᠤᠭᠰᠠᠨ ᠢ᠋ᠶᠠᠷ

ᠥᢉᠡᠷᠡᠴᠢᠯᠡᠨ ᠨᠠᠶᠢᠷᠠᠭᠤᠯᠰᠤᠭᠠᠢ:

«᠗᠙ ᠳ᠋ᠦᢉᠡᠷ ᠵᠦᠶᠢᠯ᠃ᠣᠷᠤᠨ ᠨᠤᠲᠤᠭ ᠤ᠋ᠨ ᠥᠮᠴᠢᠲᠦ ᠬᠠᠤᠯᠢ ᠶ᠋ᠢᠨ

ᠡᠲᠡᢉᠡᠳ ᠦ᠋ᠨ ᠡᠳ᠋ ᢈᠦᠷᠦᠩᢉᠡ ᠶ᠋ᠢᠨ ᠡᠷᢈᠡ

ᠣᠷᠤᠨ ᠨᠤᠲᠤᠭ ᠤ᠋ᠨ ᠥᠮᠴᠢᠲᠦ ᠬᠠᠤᠯᠢ ᠶ᠋ᠢᠨ ᠡᠲᠡᢉᠡᠳ ᠡᠨᠡ ᠬᠠᠤᠯᠢ ᠶ᠋ᠢᠨ ᠑᠔᠂ ᠑᠖᠂ ᠑᠗᠂ ᠒᠑ ᠳ᠋ᠦᢉᠡᠷ ᠵᠦᠶᠢᠯ᠂ ᠒᠑᠑ ᠳ᠋ᠦᢉᠡᠷ ᠵᠦᠶᠢᠯ ᠦ᠋ᠨ ᠑᠓ ᠳ᠋ᠠᢈᠢ ᢈᠡᠰᠡᢉ ᠲᠦ

ᠵᠢᠭᠠᠭᠰᠠᠨ ᠡᠷᢈᠡ ᠡᠳᠯᠡᠵᠦ᠂ ᠡᢉᠦᠷᢉᠡ ᢈᠦᠯᠢᠶᠡᠨ ᠡ᠃»

᠓ ᠳ᠋ᠤᠭᠠᠷ ᠵᠦᠶᠢᠯ᠃ᠡᠨᠡ ᠬᠠᠤᠯᠢ ᠶ᠋ᠢ ᠒᠐᠒᠕ ᠣᠨ ᠤ᠋ ᠐᠑ ᠳ᠋ᠦᢉᠡᠷ ᠰᠠᠷ ᠠ ᠶ᠋ᠢᠨ ᠐᠑᠆ ᠤ᠋ ᠡᠳᠦᠷ ᠡᠴᠡ ᠡᢈᠢᠯᠡᠨ ᠳᠠᠭᠠᠵᠤ ᠮᠥᠷᠳᠡᠨ ᠡ᠃

ᠮᠣᠩᠭᠤᠯ ᠤᠯᠤᠰ ᠤ᠋ᠨ

ᠶᠡᢈᠡ ᠬᠤᠷᠠᠯ ᠤ᠋ᠨ ᠳᠠᠷᠤᠭ ᠠ ᠳᠠ ᠂ᠠᠮᠤᠷᠪᠠᠶᠠᠰᠬᠤᠯᠠᠩ

Төрийн мэдээлэл · 2024 · № 48 (1344)4517–4522-р хуудас