Монгол Улсын Төрийн ордны тухай хуульд нэмэлт, өөрчлөлт оруулах тухай
2024 оны 06 дугаар Улаанбаатар
сарын 05-ны өдөр хот
1 дүгээр зүйл.Монгол Улсын Төрийн ордны тухай хуулийн 8
дугаар зүйлийн 8.4 дэх хэсгийн “төрийн ёслолын асуудал хариуцсан байгууллага” гэсний дараа “төрийн тусгай хамгаалалтын байгууллагатай хамтран” гэж нэмсүгэй.
2 дугаар зүйл.Монгол Улсын Төрийн ордны тухай хуулийн дараах
зүйл, хэсгийг доор дурдсанаар өөрчлөн найруулсугай:
1/5 дугаар зүйлийн 5.2 дахь хэсэг:
“5.2.Төрийн ордны халдашгүй дархан байдлыг энэ хуультай
нийцүүлэн гаргасан хамгаалалт, үйлчилгээ, нэвтрэх тусгай журмууд болон Төрийн ордонд баримтлах дэг журмын дагуу хангана.”
2/7 дугаар зүйл:
“7 дугаар зүйл.Төрийн ордны хамгаалалт
7.1.Төрийн ордон, түүнд хамаарах нутаг дэвсгэр нь Төрийн
тусгай хамгаалалтын тухай хуулийн 10.2.1-д заасны дагуу төрийн тусгай хамгаалалтад байна.
7.2.Төрийн ордныг төрийн тусгай хамгаалалтын байгууллагын
Төрийн ордны хамгаалалтыг хариуцсан нэгж /цаашид “Төрийн ордны хамгаалалтыг хариуцсан нэгж” гэх/ 24 цагаар тасралтгүй хамгаалж, аюулгүй байдлыг хангах, тогтоосон дэг журмыг сахиулах асуудлыг хариуцна.
7.3.Төрийн ордон нь төрийн тусгай хамгаалалтыг хэрэгжүүлэхэд
шаардагдах холбоо, аюулгүй байдлыг хангах тусгай техник хэрэгслээр тоноглогдсон байна.
7.4.Төрийн ордны аюулгүй байдлыг хангах зорилгоор шалган
нэвтрүүлэх болон тусгай хяналтын техник, хэрэгслийг суурилуулах бөгөөд төрийн тусгай хамгаалалтын алба хаагч үзлэг хийх нэг бүрийн хэрэгслээр хангагдсан байна.
7.5.Төрийн ордонд нэвтрэх тусгай журам болон Төрийн
ордонд баримтлах дэг журмыг Монгол Улсын Их Хурлын Тамгын газар, Ерөнхийлөгчийн Тамгын газар, Засгийн газрын Хэрэг эрхлэх газар, төрийн тусгай хамгаалалтын байгууллага хамтран батална.
7.6.Төрийн ордны хамгаалалтын тусгай журмыг Төрийн тусгай
хамгаалалтын тухай хуулийн 31.1.2-т заасны дагуу төрийн тусгай хамгаалалтын байгууллагын дарга батална.
7.7.Төрийн ордны хамгаалалтыг хариуцсан нэгж энэ хуулийн
3.2-т заасны дагуу Монгол Улсын Их Хурлаас тогтоосон нутаг дэвсгэрийн аюулгүй байдлыг хариуцна.
7.8.Иргэд, байгууллагын тодорхой үйлдлийн улмаас Төрийн
ордонд байрладаг байгууллагын хэвийн үйл ажиллагаанд саад учруулсан буюу учруулж болох нөхцөл байдал үүссэн тохиолдолд төрийн тусгай хамгаалалтын байгууллагын хүсэлтийг үндэслэн цагдаагийн төв
байгууллагын даргын шийдвэрээр Төрийн ордныг хүч нэмэгдүүлэн хамгаалж болно.”
3 дугаар зүйл.Монгол Улсын Төрийн ордны тухай хуулийн 8 дугаар
зүйлийн 8.1 дэх хэсгийн “үнэмлэх, нэвтрэх хуудсаа” гэснийг “тогтоосон журмын дагуу” гэж, мөн зүйлийн 8.3 дахь хэсгийн “хамгаалалтын албаны эрх бүхий албан тушаалтнаас” гэснийг “Төрийн ордны хамгаалалтыг хариуцсан нэгжээс” гэж, мөн зүйлийн 8.6 дахь хэсгийн “Төрийн ордны хамгаалалтын албанаас” гэснийг “Төрийн ордны хамгаалалтыг хариуцсан нэгжээс” гэж, 9 дүгээр зүйлийн 9.2 дахь хэсгийн “ордонд үйлчилгээ явуулах болон засвар хийх” гэснийг “ордны үйлчилгээний тусгай” гэж, мөн хэсгийн “Төрийн ордны хамгаалалтын албатай” гэснийг “төрийн тусгай хамгаалалтын байгууллагатай” гэж тус тус өөрчилсүгэй.
4 дүгээр зүйл.Монгол Улсын Төрийн ордны тухай хуулийн 8
дугаар зүйлийн 8.5 дахь хэсгийг хүчингүй болсонд тооцсугай.
5 дугаар зүйл.Энэ хуулийг Төрийн тусгай хамгаалалтын тухай
хууль /Шинэчилсэн найруулга/ хүчин төгөлдөр болсон өдрөөс эхлэн дагаж мөрдөнө.
᠒᠐᠒᠔ ᠣᠨ ᠤ᠋ ᠐᠖ ᠳ᠋ᠣᠭᠠᠷ ᠰᠠᠷ ᠠ ᠶ᠋ᠢᠨ ᠐᠕᠆ᠤ᠋ ᠠ᠋ᠳᠦᠷ ᠤᠯᠠᠭᠠᠨᠪᠠᠭᠠᠲᠤᠷ ᠬᠣᠲᠠ
ᠮᠣᠩᠭᠤᠯ ᠤᠯᠤᠰ ᠤ᠋ᠨ ᠲᠥᠷᠦ ᠶ᠋ᠢᠨ ᠣᠷᠳᠤᠨ ᠤ᠋
ᠲᠤᠬᠠᠢ ᠬᠠᠤᠯᠢ ᠳ᠋ᠤ ᠨᠡᠮᠡᠯᠲᠡ᠂ ᠥᢉᠡᠷᠡᠴᠢᠯᠡᠯᠲᠡ
ᠣᠷᠤᠭᠤᠯᠬᠤ ᠲᠤᠬᠠᠢ
᠑ ᠳ᠋ᠦᢉᠡᠷ ᠵᠦᠶᠢᠯ᠃ᠮᠣᠩᠭᠣᠯ ᠤᠯᠤᠰ ᠤ᠋ᠨ ᠲᠥᠷᠦ ᠶ᠋ᠢᠨ ᠣᠷᠳᠤᠨ ᠤ᠋ ᠲᠤᠬᠠᠢ ᠬᠠᠤᠯᠢ ᠶ᠋ᠢᠨ ᠘ ᠳ᠋ᠤᠭᠠᠷ ᠵᠦᠶᠢᠯ ᠦ᠋ᠨ ᠘᠂᠔ ᠳ᠋ᠡᢈᠢ ᢈᠡᠰᠡᢉ ᠦ᠋ᠨ «ᠲᠥᠷᠦ ᠶ᠋ᠢᠨ
ᠶᠣᠰᠤᠯᠠᠯ ᠤ᠋ᠨ ᠠᠰᠠᠭᠤᠳᠠᠯ ᠬᠠᠷᠢᠭᠤᠴᠠᠭᠰᠠᠨ ᠪᠠᠶᠢᠭᠤᠯᠤᠯᠭ ᠠ» ᢉᠡᠰᠡᠨ ᠤ᠋ ᠳᠠᠷᠠᠭ ᠠ «ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ ᠪᠠᠶᠢᠭᠤᠯᠤᠯᠭ ᠠ ᠲᠠᠢ ᠬᠠᠮᠲᠤᠷᠠᠨ» ᢉᠡᠵᠦ ᠨᠡᠮᠡᠰᠦᢉᠡᠢ᠃
᠒ ᠳ᠋ᠤᠭᠠᠷ ᠵᠦᠶᠢᠯ᠃ᠮᠣᠩᠭᠣᠯ ᠤᠯᠤᠰ ᠤ᠋ᠨ ᠲᠥᠷᠦ ᠶ᠋ᠢᠨ ᠣᠷᠳᠤᠨ ᠤ᠋ ᠲᠤᠬᠠᠢ ᠬᠠᠤᠯᠢ ᠶ᠋ᠢᠨ ᠳᠠᠷᠠᠭᠠᢈᠢ ᠵᠦᠢᠯ᠂ ᢈᠡᠰᠡᢉ ᠢ᠋ ᠳᠣᠣᠷ ᠠ ᠳᠤᠷᠠᠳᠤᠭᠰᠠᠨ ᠢ᠋ᠶᠠᠷ
ᠥᢉᠡᠷᠡᠴᠢᠯᠡᠨ ᠨᠠᠶᠢᠷᠠᠭᠤᠯᠰᠤᠭᠠᠢ:
᠑/᠕ ᠳ᠋ᠤᠭᠠᠷ ᠵᠦᠶᠢᠯ ᠦ᠋ᠨ ᠕᠂᠒ ᠳ᠋ᠠᢈᠢ ᢈᠡᠰᠡᢉ:
«᠕᠂᠒᠂ᠲᠥᠷᠦ ᠶ᠋ᠢᠨ ᠣᠷᠳᠤᠨ ᠤ᠋ ᠬᠠᠯᠳᠠᠰᠢ ᠦᢉᠡᠢ ᠳᠠᠷᠬᠠᠨ ᠪᠠᠶᠢᠳᠠᠯ ᠢ᠋ ᠠ᠋ᠨᠡ ᠬᠠᠤᠯᠢ ᠲᠠᠢ ᠨᠡᠶᠢᠴᠡᢉᠦᠯᠦᠨ ᠭᠠᠷᠭᠠᠭᠰᠠᠨ ᠬᠠᠮᠠᠭᠠᠯᠠᠯᠲᠠ᠂ ᠤᠶᠢᠯᠡᠴᠢᠯᠡᢉᠡ᠂
ᠨᠡᠪᠲᠡᠷᠡᢈᠦ ᠲᠤᠰᠬᠠᠢ ᠵᠢᠷᠤᠮ ᠤ᠋ᠳ ᠪᠤᠯᠤᠨ ᠲᠥᠷᠦ ᠶ᠋ᠢᠨ ᠣᠷᠳᠤᠨ ᠳ᠋ᠤ ᠪᠠᠷᠢᠮᠲᠠᠯᠠᠬᠤ ᠳᠢᢉ ᠵᠢᠷᠤᠮ ᠤ᠋ᠨ ᠳᠠᠭᠠᠭᠤ ᠬᠠᠩᠭᠠᠨ ᠠ᠃»
᠒/᠗ ᠳ᠋ᠤᠭᠠᠷ ᠵᠦᠶᠢᠯ:
«᠗ ᠳ᠋ᠤᠭᠠᠷ ᠵᠦᠶᠢᠯ᠃ᠲᠥᠷᠦ ᠶ᠋ᠢᠨ ᠣᠷᠳᠤᠨ ᠤ᠋ ᠬᠠᠮᠠᠭᠠᠯᠠᠯᠲᠠ
᠗᠂᠑᠂ᠲᠥᠷᠦ ᠶ᠋ᠢᠨ ᠣᠷᠳᠤᠨ᠂ ᠲᠡᢉᠦᠨ ᠳ᠋ᠦ ᠬᠠᠮᠢᠶᠠᠷᠬᠤ ᠨᠤᠲᠤᠭ ᠳᠡᠪᠢᠰᢈᠡᠷ ᠨᠢ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ ᠲᠤᠬᠠᠢ ᠬᠠᠤᠯᠢ ᠶ᠋ᠢᠨ ᠑᠐᠂᠒᠂᠑᠆ᠳ᠋ᠦ
ᠵᠢᠭᠠᠭᠰᠠᠨ ᠤ᠋ ᠳᠠᠭᠠᠭᠤ ᠲᠥᠷᠦ ᠶ᠋ᠢᠨ ᠲᠤᠰᠬᠠᠢ ᠬᠠᠮᠠᠭᠠᠯᠠᠯᠲᠠ ᠳ᠋ᠤ ᠪᠠᠶᠢᠨ ᠠ᠃
᠗᠂᠒᠂ᠲᠥᠷᠦ ᠶ᠋ᠢᠨ ᠣᠷᠳᠤᠨ ᠢ᠋ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ ᠪᠠᠶᠢᠭᠤᠯᠤᠯᠭ ᠠ ᠶ᠋ᠢᠨ ᠲᠥᠷᠦ ᠶ᠋ᠢᠨ ᠣᠷᠳᠤᠨ ᠤ᠋ ᠬᠠᠮᠠᠭᠠᠯᠠᠯᠲᠠ ᠶ᠋ᠢ ᠬᠠᠷᠢᠭᠤᠴᠠᠭᠰᠠᠨ
ᠨᠢᢉᠡᠴᠡ /ᠴᠢᠨᠠᠭᠰᠢᠲᠨ «ᠲᠥᠷᠦ ᠶ᠋ᠢᠨ ᠣᠷᠳᠤᠨ ᠤ᠋ ᠬᠠᠮᠠᠭᠠᠯᠠᠯᠲᠠ ᠶ᠋ᠢ ᠬᠠᠷᠢᠭᠤᠴᠠᠭᠰᠠᠨ ᠨᠢᢉᠡᠴᠡ» ᢉᠡᢈᠦ/ ᠒᠔ ᠴᠠᠭ ᠢ᠋ᠶᠠᠷ ᠲᠠᠰᠤᠷᠠᠯᠲᠠ ᠦᢉᠡᠢ ᠬᠠᠮᠠᠭᠠᠯᠠᠵᠤ᠂ ᠠᠶᠤᠯ ᠦᢉᠡᠢ
ᠪᠠᠶᠢᠳᠠᠯ ᠢ᠋ ᠬᠠᠩᠭᠠᠬᠤ᠂ ᠲᠣᠭᠲᠠᠭᠠᠭᠰᠠᠨ ᠳᠢᢉ ᠵᠢᠷᠤᠮ ᠢ᠋ ᠰᠠᢈᠢᠭᠤᠯᠬᠤ ᠠᠰᠠᠭᠤᠳᠠᠯ ᠢ᠋ ᠬᠠᠷᠢᠭᠤᠴᠠᠨ ᠠ᠃
᠗᠂᠓᠂ᠲᠥᠷᠦ ᠶ᠋ᠢᠨ ᠣᠷᠳᠤᠨ ᠨᠢ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢ ᢈᠡᠷᠡᢉᠵᠢᢉᠦᠯᢈᠦ ᠳ᠋ᠦ ᠱᠠᠭᠠᠷᠳᠠᠭᠳᠠᠬᠤ ᠬᠣᠯᠪᠤᠭ ᠠ᠂ ᠠᠶᠤᠯ ᠦᢉᠡᠢ ᠪᠠᠶᠢᠳᠠᠯ ᠢ᠋
ᠬᠠᠩᠭᠠᠬᠤ ᠲᠤᠰᠬᠠᠢ ᠲᠧᢈᠨᠢᢉ ᢈᠡᠷᠡᢉᠰᠡᠯ ᠢ᠋ᠶᠡᠷ ᠲᠣᠨᠤᠭᠯᠠᠭᠳᠠᠭᠰᠠᠨ ᠪᠠᠶᠢᠨ ᠠ᠃
᠗᠂᠔᠂ᠲᠥᠷᠦ ᠶ᠋ᠢᠨ ᠣᠷᠳᠤᠨ ᠤ᠋ ᠠᠶᠤᠯ ᠦᢉᠡᠢ ᠪᠠᠶᠢᠳᠠᠯ ᠢ᠋ ᠬᠠᠩᠭᠠᠬᠤ ᠵᠣᠷᠢᠯᠭ ᠠ ᠪᠠᠷ ᠰᠢᠯᠭᠠᠨ ᠨᠡᠪᠲᠡᠷᠡᢉᠦᠯᢈᠦ ᠪᠤᠯᠤᠨ ᠲᠤᠰᠬᠠᠢ ᢈᠢᠨᠠᠯᠲᠠ ᠶ᠋ᠢᠨ ᠲᠧᢈᠨᠢᢉ᠂ ᢈᠡᠷᠡᢉᠰᠡᠯ ᠢ᠋
ᠰᠠᠭᠤᠷᠢᠯᠠᠭᠤᠯᠬᠤ ᠪᠦᢉᠡᠳ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ ᠠᠯᠪᠠ ᠬᠠᠭᠠᠭᠴᠢ ᠦᠵᠡᠯᢉᠡ ᢈᠢᢈᠦ ᠨᠢᢉᠡ ᠪᠦᠷᠢ ᠶ᠋ᠢᠨ ᢈᠡᠷᠡᢉᠰᠡᠯ ᠢ᠋ᠶᠡᠷ ᠬᠠᠩᠭᠠᠭᠳᠠᠭᠰᠠᠨ ᠪᠠᠶᠢᠨ ᠠ᠃
Moehgo& Folo_ oa HeolI
᠗᠂᠕᠂ᠲᠥᠷᠦ ᠶ᠋ᠢᠨ ᠣᠷᠳᠤᠨ ᠳ᠋ᠤ ᠨᠡᠪᠲᠡᠷᠡᢈᠦ ᠲᠤᠰᠬᠠᠢ ᠵᠢᠷᠤᠮ ᠪᠤᠯᠤᠨ ᠲᠥᠷᠦ ᠶ᠋ᠢᠨ ᠣᠷᠳᠤᠨ ᠳ᠋ᠤ ᠪᠠᠷᠢᠮᠲᠠᠯᠠᠬᠤ ᠳᠢᢉ ᠵᠢᠷᠤᠮ ᠢ᠋ ᠮᠣᠩᠭᠣᠯ ᠤᠯᠤᠰ ᠤ᠋ᠨ ᠶᠡᢈᠡ
ᠬᠤᠷᠠᠯ ᠤ᠋ᠨ ᠲᠠᠮᠠᠭ ᠠ ᠶ᠋ᠢᠨ ᠭᠠᠵᠠᠷ᠂ ᠶᠡᠷᠦᠩᢈᠡᠶᠢᠯᠡᢉᠴᠢ ᠶ᠋ᠢᠨ ᠲᠠᠮᠠᠭ ᠠ ᠶ᠋ᠢᠨ ᠭᠠᠵᠠᠷ᠂ ᠵᠠᠰᠠᠭ ᠤ᠋ᠨ ᠭᠠᠵᠠᠷ ᠤ᠋ᠨ ᢈᠡᠷᠡᢉ ᠠ᠋ᠷᢈᠢᠯᠡᢈᠦ ᠭᠠᠵᠠᠷ᠂ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ
ᠪᠠᠶᠢᠭᠤᠯᠤᠯᠭ ᠠ ᠬᠠᠮᠲᠤᠷᠠᠨ ᠪᠠᠲᠤᠯᠠᠨ ᠠ᠃
᠗᠂᠖᠂ᠲᠥᠷᠦ ᠶ᠋ᠢᠨ ᠣᠷᠳᠤᠨ ᠤ᠋ ᠬᠠᠮᠠᠭᠠᠯᠠᠯᠲᠠ ᠶ᠋ᠢᠨ ᠲᠤᠰᠬᠠᠢ ᠵᠢᠷᠤᠮ ᠢ᠋ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ ᠲᠤᠬᠠᠢ ᠬᠠᠤᠯᠢ ᠶ᠋ᠢᠨ ᠓᠑᠂᠑᠂᠒᠆ᠲᠤ
ᠵᠢᠭᠠᠭᠰᠠᠨ ᠤ᠋ ᠳᠠᠭᠠᠭᠤ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ ᠪᠠᠶᠢᠭᠤᠯᠤᠯᠭ ᠠ ᠶ᠋ᠢᠨ ᠳᠠᠷᠤᠭ ᠠ ᠪᠠᠲᠤᠯᠠᠨ ᠠ᠃
᠗᠂᠗᠂ᠲᠥᠷᠦ ᠶ᠋ᠢᠨ ᠣᠷᠳᠤᠨ ᠤ᠋ ᠬᠠᠮᠠᠭᠠᠯᠠᠯᠲᠠ ᠶ᠋ᠢ ᠬᠠᠷᠢᠭᠤᠴᠠᠭᠰᠠᠨ ᠨᠢᢉᠡᠴᠡ ᠠ᠋ᠨᠡ ᠬᠠᠤᠯᠢ ᠶ᠋ᠢᠨ ᠓᠂᠒᠆ᠲᠤ ᠵᠢᠭᠠᠭᠰᠠᠨ ᠤ᠋ ᠳᠠᠭᠠᠭᠤ ᠮᠣᠩᠭᠣᠯ ᠤᠯᠤᠰ ᠤ᠋ᠨ ᠶᠡᢈᠡ
ᠬᠤᠷᠠᠯ ᠠ᠋ᠴᠠ ᠲᠣᠭᠲᠠᠭᠠᠭᠰᠠᠨ ᠨᠤᠲᠤᠭ ᠳᠡᠪᠢᠰᢈᠡᠷ ᠦ᠋ᠨ ᠠᠶᠤᠯ ᠦᢉᠡᠢ ᠪᠠᠶᠢᠳᠠᠯ ᠢ᠋ ᠬᠠᠷᠢᠭᠤᠴᠠᠨ ᠠ᠃
᠗᠂᠘᠂ᠢᠷᢉᠡᠳ᠂ ᠪᠠᠶᠢᠭᠤᠯᠤᠯᠭ ᠠ ᠶ᠋ᠢᠨ ᠲᠣᠳᠤᠷᠬᠠᠢ ᠦᠢᠯᠡᠳᠦᠯ ᠦ᠋ᠨ ᠤᠯᠠᠮ ᠠ᠋ᠴᠠ ᠲᠥᠷᠦ ᠶ᠋ᠢᠨ ᠣᠷᠳᠤᠨ ᠳ᠋ᠤ ᠪᠠᠶᠢᠷᠢᠯᠠᠳᠠᠭ ᠪᠠᠶᠢᠭᠤᠯᠤᠯᠭ ᠠ ᠶ᠋ᠢᠨ ᢈᠡᠪ ᠦ᠋ᠨ ᠤᠶᠢᠯᠡ
ᠠᠵᠢᠯᠯᠠᠭᠠᠨ ᠳ᠋ᠤ ᠰᠠᠭᠠᠳ ᠤᠴᠠᠷᠠᠭᠤᠯᠤᠭᠰᠠᠨ ᠪᠤᠶᠤ ᠤᠴᠠᠷᠠᠭᠤᠯᠵᠤ ᠪᠤᠯᠬᠤ ᠨᠥᢈᠦᠴᠡᠯ ᠪᠠᠶᠢᠳᠠᠯ ᠠ᠋ᢉᠦᠰᠦᢉᠰᠡᠨ ᠲᠣᢈᠢᠶᠠᠯᠳᠤᠯ ᠳ᠋ᠤ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ
ᠪᠠᠶᠢᠭᠤᠯᠤᠯᠭ ᠠ ᠶ᠋ᠢᠨ ᢈᠦᠰᠡᠯᠲᠡ ᠶ᠋ᠢ ᠦᠨᠳᠦᠰᠦᠯᠡᠨ ᠴᠠᠭᠳᠠᠭ ᠠ ᠶ᠋ᠢᠨ ᠲᠥᠪ ᠪᠠᠶᠢᠭᠤᠯᠤᠯᠭ ᠠ ᠶ᠋ᠢᠨ ᠳᠠᠷᠤᠭ ᠠ ᠶ᠋ᠢᠨ ᠰᠢᠢᠳᠪᠤᠷᠢ ᠪᠠᠷ ᠲᠥᠷᠦ ᠶ᠋ᠢᠨ ᠣᠷᠳᠤᠨ ᠢ᠋ ᢈᠦᠴᠦ ᠨᠡᠮᠡᢉᠳᠡᢉᠦᠯᠦᠨ
ᠬᠠᠮᠠᠭᠠᠯᠠᠵᠤ ᠪᠤᠯᠤᠨ ᠠ᠃»
᠓ ᠳ᠋ᠤᠭᠠᠷ ᠵᠦᠶᠢᠯ᠃ᠮᠣᠩᠭᠣᠯ ᠤᠯᠤᠰ ᠤ᠋ᠨ ᠲᠥᠷᠦ ᠶ᠋ᠢᠨ ᠣᠷᠳᠤᠨ ᠤ᠋ ᠲᠤᠬᠠᠢ ᠬᠠᠤᠯᠢ ᠶ᠋ᠢᠨ ᠘ ᠳ᠋ᠤᠭᠠᠷ ᠵᠦᠶᠢᠯ ᠦ᠋ᠨ ᠘᠂᠑ ᠳ᠋ᠡᢈᠢ ᢈᠡᠰᠡᢉ ᠦ᠋ᠨ «ᠦᠨᠡᠮᠯᠡᢈᠦ᠂ ᠨᠡᠪᠲᠡᠷᠡᢈᠦ
ᠬᠠᠭᠤᠳᠠᠰᠤ ᠪᠠᠨ» ᢉᠡᠰᠡᠨ ᠢ᠋ «ᠲᠣᠭᠲᠠᠭᠠᠭᠰᠠᠨ ᠵᠢᠷᠤᠮ ᠤ᠋ᠨ ᠳᠠᠭᠠᠭᠤ» ᢉᠡᠵᠦ᠂ ᠮᠥᠨ ᠵᠦᠶᠢᠯ ᠦ᠋ᠨ ᠘᠂᠓ ᠳ᠋ᠠᢈᠢ ᢈᠡᠰᠡᢉ ᠦ᠋ᠨ «ᠬᠠᠮᠠᠭᠠᠯᠠᠯᠲᠠ ᠶ᠋ᠢᠨ ᠠᠯᠪᠠᠨ ᠤ᠋ ᠠ᠋ᠷᢈᠡ ᠪᠦᢈᠦᠢ ᠠᠯᠪᠠᠨ
ᠲᠤᠰᠢᠶᠠᠯᠲᠠᠨ ᠠ᠋ᠴᠠ» ᢉᠡᠰᠡᠨ ᠢ᠋ «ᠲᠥᠷᠦ ᠶ᠋ᠢᠨ ᠣᠷᠳᠤᠨ ᠤ᠋ ᠬᠠᠮᠠᠭᠠᠯᠠᠯᠲᠠ ᠶ᠋ᠢ ᠬᠠᠷᠢᠭᠤᠴᠠᠭᠰᠠᠨ ᠨᠢᢉᠡᠴᠡ ᠠ᠋ᠴᠡ» ᢉᠡᠵᠦ᠂ ᠮᠥᠨ ᠵᠦᠶᠢᠯ ᠦ᠋ᠨ ᠘᠂᠖ ᠳ᠋ᠠᢈᠢ ᢈᠡᠰᠡᢉ ᠦ᠋ᠨ «ᠲᠥᠷᠦ ᠶ᠋ᠢᠨ
ᠣᠷᠳᠤᠨ ᠤ᠋ ᠬᠠᠮᠠᠭᠠᠯᠠᠯᠲᠠ ᠶ᠋ᠢᠨ ᠠᠯᠪᠠᠨ ᠠ᠋ᠴᠠ» ᢉᠡᠰᠡᠨ ᠢ᠋ «ᠲᠥᠷᠦ ᠶ᠋ᠢᠨ ᠣᠷᠳᠤᠨ ᠤ᠋ ᠬᠠᠮᠠᠭᠠᠯᠠᠯᠲᠠ ᠶ᠋ᠢ ᠬᠠᠷᠢᠭᠤᠴᠠᠭᠰᠠᠨ ᠨᠢᢉᠡᠴᠡ ᠠ᠋ᠴᠡ» ᢉᠡᠵᠦ᠂ ᠙ ᠳ᠋ᠦᢉᠡᠷ ᠵᠦᠶᠢᠯ ᠦ᠋ᠨ
᠙᠂᠒ ᠳ᠋ᠠᢈᠢ ᢈᠡᠰᠡᢉ ᠦ᠋ᠨ «ᠣᠷᠳᠤᠨ ᠳ᠋ᠤ ᠤᠶᠢᠯᠡᠴᠢᠯᠡᢉᠡ ᠶᠠᠪᠤᠭᠤᠯᠬᠤ ᠪᠤᠯᠤᠨ ᠵᠠᠰᠠᠪᠤᠷᠢ ᢈᠢᢈᠦ» ᢉᠡᠰᠡᠨ ᠢ᠋ «ᠣᠷᠳᠤᠨ ᠤ᠋ ᠤᠶᠢᠯᠡᠴᠢᠯᠡᢉᠡᠨ ᠦ᠋ ᠲᠤᠰᠬᠠᠢ» ᢉᠡᠵᠦ᠂ ᠮᠥᠨ ᢈᠡᠰᠡᢉ ᠦ᠋ᠨ
«ᠲᠥᠷᠦ ᠶ᠋ᠢᠨ ᠣᠷᠳᠤᠨ ᠤ᠋ ᠬᠠᠮᠠᠭᠠᠯᠠᠯᠲᠠ ᠶ᠋ᠢᠨ ᠠᠯᠪᠠ ᠲᠠᠢ» ᢉᠡᠰᠡᠨ ᠢ᠋ «ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ ᠪᠠᠶᠢᠭᠤᠯᠤᠯᠭ ᠠ ᠲᠠᠢ» ᢉᠡᠵᠦ ᠲᠤᠰ ᠲᠤᠰ
ᠥᢉᠡᠷᠡᠴᠢᠯᠡᠰᠦᢉᠡᠢ᠃
᠔ ᠳ᠋ᠦᢉᠡᠷ ᠵᠦᠶᠢᠯ᠃ᠮᠣᠩᠭᠣᠯ ᠤᠯᠤᠰ ᠤ᠋ᠨ ᠲᠥᠷᠦ ᠶ᠋ᠢᠨ ᠣᠷᠳᠤᠨ ᠤ᠋ ᠲᠤᠬᠠᠢ ᠬᠠᠤᠯᠢ ᠶ᠋ᠢᠨ ᠘ ᠳ᠋ᠤᠭᠠᠷ ᠵᠦᠢᠯ ᠦ᠋ᠨ ᠘᠂᠕ ᠳ᠋ᠠᢈᠢ ᢈᠡᠰᠡᢉ ᠢ᠋ ᢈᠦᠴᠦᠨ ᠦᢉᠡᠢ
ᠪᠤᠯᠤᠭᠰᠠᠨ ᠳ᠋ᠣ ᠲᠣᠭᠠᠴᠠᠰᠤᠭᠠᠢ᠃
᠕ ᠳ᠋ᠤᠭᠠᠷ ᠵᠦᠶᠢᠯ᠃ᠠ᠋ᠨᠡ ᠬᠠᠤᠯᠢ ᠶ᠋ᠢ ᠲᠥᠷᠦ ᠶ᠋ᠢᠨ ᠲᠤᠰᠬᠠᠢ ᠬᠠᠮᠠᠭᠠᠯᠠᠯᠲᠠ ᠶ᠋ᠢᠨ ᠲᠤᠬᠠᠢ ᠬᠠᠤᠯᠢ /ᠰᠢᠨᠡᠴᠢᠯᠡᢉᠰᠡᠨ ᠨᠠᠶᠢᠷᠠᠭᠤᠯᠭ ᠠ/ ᢈᠦᠴᠦᠨ ᠲᠡᢉᠦᠯᠳᠡᠷ ᠪᠤᠯᠤᠭᠰᠠᠨ
ᠠ᠋ᠳᠦᠷ ᠠ᠋ᠴᠡ ᠠ᠋ᢈᠢᠯᠡᠨ ᠳᠠᠭᠠᠵᠤ ᠮᠥᠷᠳᠡᠨ ᠡ᠃
ᠮᠣᠩᠭᠤᠯ ᠤᠯᠤᠰ ᠤ᠋ᠨ
ᠶᠡᢈᠡ ᠬᠤᠷᠠᠯ ᠤ᠋ᠨ ᠳᠠᠷᠤᠭ ᠠ ᠭᠣ ᠂ᠽᠠᠨᠳᠠᠨᠰᠢᠲᠠᠷ ᠠ