Монгол Улсын Их Хурал
ТӨРИЙН
МЭДЭЭЛЭЛ
(ХУУЛЬ, ТОГТООЛ, ЗАРЛИГ)
№ 7
(1303)
— 438 —

Нийтийн мэдээллийн ил тод байдлын тухай хуульд нэмэлт, өөрчлөлт оруулах тухай

2024 оны 01 дүгээр Улаанбаатар

сарын 12-ны өдөр хот

НИЙТИЙН МЭДЭЭЛЛИЙН ИЛ ТОД
БАЙДЛЫН ТУХАЙ ХУУЛЬД НЭМЭЛТ,
ӨӨРЧЛӨЛТ ОРУУЛАХ ТУХАЙ

1 дүгээр зүйл.Нийтийн мэдээллийн ил тод байдлын тухай хуулийн

8 дугаар зүйлийн 8.6.21 дэх заалтын “суралцаж байгаа” гэсний өмнө “суралцсан болон” гэж, 13 дугаар зүйлийн 13.2 дахь хэсгийн “хүсэлтийг бичгээр” гэсний дараа, 9 дүгээр зүйлийн 9.9 дэх хэсгийн, 13 дугаар зүйлийн 13.4 дэх хэсгийн “бичгээр” гэсний дараа “, эсхүл цахим хэлбэрээр” гэж тус тус нэмсүгэй.

2 дугаар зүйл.Нийтийн мэдээллийн ил тод байдлын тухай

хуулийн 8 дугаар зүйлийн 8.6.11 дэх заалтыг доор дурдсанаар өөрчлөн найруулсугай:

“8.6.11.барилга байгууламжийг ашиглалтад оруулах

комиссын бүрэлдэхүүн, дүгнэлт;”

3 дугаар зүйл.Нийтийн мэдээллийн ил тод байдлын тухай хуулийн

8 дугаар зүйлийн 8.9 дэх хэсгийн “цахим хуудсандаа” гэснийг “бүрэн бүтэн, үнэн зөв байдлыг хангаж цахим хуудсандаа болон нээлттэй мэдээллийн системд” гэж, 8 дугаар зүйлийн 8.10 дахь хэсгийн “цахим хуудсандаа” гэснийг “цахим хуудсандаа болон нээлттэй мэдээллийн системд” гэж, 13 дугаар зүйлийн 13.2 дахь хэсгийн “амаар болон бичгээр” гэснийг “амаар, эсхүл бичгээр, эсхүл цахим хэлбэрээр” гэж, 19 дүгээр зүйлийн 19.1 дэх хэсгийн “танина” гэснийг “таньж, баталгаажуулна. Тус системээр таньж, баталгаажуулсан мэдээллийг хүн, хуулийн этгээдээс цаасан хэлбэрээр шаардахгүй бөгөөд шаардлагатай тохиолдолд мэдээлэл хариуцагч цахим хэлбэрээр бүрдүүлнэ.” гэж тус тус өөрчилсүгэй.

4 дүгээр зүйл.Нийтийн мэдээллийн ил тод байдлын тухай

хуулийн 13 дугаар зүйлийн 13.3 дахь хэсгийг хүчингүй болсонд тооцсугай.

МОНГОЛ УЛСЫН ИХ ХУРЛЫН ДАРГА Г.ЗАНДАНШАТАР
МОНГОЛ УЛСЫН ХУУЛЬ

Moehgo& Folo_ oa HeolI

᠒᠐᠒᠔ ᠣᠨ ᠤ᠋ ᠐᠑ ᠳ᠋ᠤᢉᠡᠷ ᠰᠠᠷ ᠠ ᠶ᠋ᠢᠨ ᠑᠒᠆ ᠤ᠋ᠨ ᠡᠳᠦᠷ ᠤᠯᠠᠭᠠᠨᠪᠡᠭᠠᠲᠤᠷ ᠬᠣᠲᠠ

ᠨᠡᠶᠢᠲᠡ ᠶ᠋ᠢᠨ ᠮᠡᠳᠡᢉᠡᠯᠡᠯ ᠦ᠋ᠨ ᠢᠯᠡ ᠲᠣᠳᠤ

ᠪᠡᠶᠢᠳᠠᠯ ᠤ᠋ᠨ ᠲᠤᠬᠠᠢ ᠬᠠᠤᠯᠢ ᠳ᠋ᠤ ᠨᠡᠮᠡᠯᠲᠡ᠂

ᠥᢉᠡᠷᠡᠴᠢᠯᠡᠯᠲᠡ ᠣᠷᠤᠭᠤᠯᠬᠤ ᠲᠤᠬᠠᠢ

᠑ ᠳ᠋ᠦᢉᠡᠷ ᠵᠦᠶᠢᠯ᠃ᠨᠡᠶᠢᠲᠡ ᠶ᠋ᠢᠨ ᠮᠡᠳᠡᢉᠡᠯᠡᠯ ᠦ᠋ᠨ ᠢᠯᠡ ᠲᠣᠳᠤ ᠪᠡᠶᠢᠳᠠᠯ ᠤ᠋ᠨ ᠲᠤᠬᠠᠢ ᠬᠠᠤᠯᠢ ᠶ᠋ᠢᠨ ᠘ ᠳ᠋ᠤᠭᠠᠷ ᠵᠦᠶᠢᠯ ᠦ᠋ᠨ ᠘᠂᠖᠂᠒᠑ ᠳ᠋ᠡᢈᠢ ᠵᠢᠭᠠᠯᠲᠠ ᠶ᠋ᠢᠨ

«ᠰᠤᠷᠤᠯᠴᠠᠵᠤ ᠪᠡᠶᠢᠭ ᠠ» ᢉᠡᠰᠡᠨ ᠦ᠋ ᠡᠮᠦᠨ ᠡ «ᠰᠤᠷᠤᠯᠴᠠᠭᠰᠠᠨ ᠪᠤᠯᠤᠨ» ᢉᠡᠵᠦ᠂ ᠑᠓ ᠳ᠋ᠤᠭᠠᠷ ᠵᠦᠶᠢᠯ ᠦ᠋ᠨ ᠑᠓᠂᠒ ᠳ᠋ᠠᢈᠢ ᢈᠡᠰᠡᢉ ᠦ᠋ᠨ «ᢈᠦᠰᠡᠯᠲᠡ ᠶ᠋ᠢ ᠪᠢᠴᠢᢉ ᠢᠶᠡᠷ» ᢉᠡᠰᠡᠨ ᠦ᠋

ᠳᠠᠷᠠᠭ ᠠ᠂ ᠙ ᠳ᠋ᠦᢉᠡᠷ ᠵᠦ᠋ᠢᠯ ᠦ᠋ᠨ ᠙᠂᠙ ᠳ᠋ᠡᢈᠢ ᢈᠡᠰᠡᢉ ᠦ᠋ᠨ᠂ ᠑᠓ ᠳ᠋ᠤᠭᠠᠷ ᠵᠦᠶᠢᠯ ᠦ᠋ᠨ ᠑᠓᠂᠔ ᠳ᠋ᠡᢈᠢ ᢈᠡᠰᠡᢉ ᠦ᠋ᠨ «ᠪᠢᠴᠢᢉ ᠢᠶᠡᠷ» ᢉᠡᠰᠡᠨ ᠤ᠋ ᠳᠠᠷᠠᠭ ᠠ «᠂ ᠡᠰᠡᢈᠦᠯ ᠡ ᠴᠠᢈᠢᠮ

ᢈᠡᠯᠪᠡᠷᠢ ᠪᠡᠷ» ᢉᠡᠵᠦ ᠲᠤᠰ ᠲᠤᠰ ᠨᠡᠮᠡᠰᠦᢉᠡᠢ᠃

᠒ ᠳ᠋ᠤᠭᠠᠷ ᠵᠦᠶᠢᠯ᠃ᠨᠡᠶᠢᠲᠡ ᠶ᠋ᠢᠨ ᠮᠡᠳᠡᢉᠡᠯᠡᠯ ᠦ᠋ᠨ ᠢᠯᠡ ᠲᠣᠳᠤ ᠪᠡᠶᠢᠳᠠᠯ ᠤ᠋ᠨ ᠲᠤᠬᠠᠢ ᠬᠠᠤᠯᠢ ᠶ᠋ᠢᠨ ᠘ ᠳ᠋ᠤᠭᠠᠷ ᠵᠦᠶᠢᠯ ᠦ᠋ᠨ ᠘᠂᠖᠂᠑᠑ ᠳ᠋ᠡᢈᠢ ᠵᠢᠭᠠᠯᠲᠠ ᠶ᠋ᠢ ᠳᠣᠣᠷ ᠠ

ᠳᠤᠷᠠᠳᠤᠭᠰᠠᠨ ᠢᠶᠠᠷ ᠥᢉᠡᠷᠡᠴᠢᠯᠡᠨ ᠨᠠᠶᠢᠷᠠᠭᠤᠯᠰᠤᠭᠠᠢ:

«᠘᠂᠖᠂᠑᠑᠂ᠪᠡᠷᠢᠯᠭ ᠠ ᠪᠡᠶᠢᠭᠤᠯᠤᠮᠵᠢ ᠶ᠋ᠢ ᠠᠰᠢᠭᠯᠠᠯᠲᠠ ᠳ᠋ᠤ ᠣᠷᠤᠭᠤᠯᠬᠤ ᠻᠣᠮᠢᠰᠰ ᠤ᠋ᠨ ᠪᠦᠷᠢᠯᠳᠦᢈᠦᠨ᠂ ᠳ᠋ᠦ᠋ᠩᠨᠡᠯᠲᠡ;»

᠓ ᠳ᠋ᠤᠭᠠᠷ ᠵᠦᠶᠢᠯ᠃ᠨᠡᠶᠢᠲᠡ ᠶ᠋ᠢᠨ ᠮᠡᠳᠡᢉᠡᠯᠡᠯ ᠦ᠋ᠨ ᠢᠯᠡ ᠲᠣᠳᠤ ᠪᠡᠶᠢᠳᠠᠯ ᠤ᠋ᠨ ᠲᠤᠬᠠᠢ ᠬᠠᠤᠯᠢ ᠶ᠋ᠢᠨ ᠘ ᠳ᠋ᠤᠭᠠᠷ ᠵᠦᠶᠢᠯ ᠦ᠋ᠨ ᠘᠂᠙ ᠳ᠋ᠡᢈᠢ ᢈᠡᠰᠡᢉ ᠦ᠋ᠨ «ᠴᠠᢈᠢᠮ

ᠬᠠᠭᠤᠳᠠᠰᠤᠨ ᠳ᠋ᠤ ᠪᠡᠨ» ᢉᠡᠰᠡᠨ ᠢ᠋ «ᠪᠦᠷᠢᠨ ᠪᠦᠲᠦᠨ᠂ ᠦᠨᠡᠨ ᠵᠥᠪ ᠪᠡᠶᠢᠳᠠᠯ ᠢ᠋ ᠬᠠᠩᠭᠠᠵᠤ ᠴᠠᢈᠢᠮ ᠬᠠᠭᠤᠳᠠᠰᠤᠨ ᠳ᠋ᠤ ᠪᠡᠨ ᠪᠤᠯᠤᠨ ᠨᠡᢉᠡᢉᠡᠯᠲᠡᠲᠡᠢ ᠮᠡᠳᠡᢉᠡᠯᠡᠯ ᠦ᠋ᠨ ᠰᠢᠰᠲ᠋ᠧᠮ ᠳ᠋ᠦ»

ᢉᠡᠵᠦ᠂ ᠘ ᠳ᠋ᠤᠭᠠᠷ ᠵᠦᠶᠢᠯ ᠦ᠋ᠨ ᠘᠂᠑᠐ ᠳ᠋ᠠᢈᠢ ᢈᠡᠰᠡᢉ ᠦ᠋ᠨ «ᠴᠠᢈᠢᠮ ᠬᠠᠭᠤᠳᠠᠰᠤᠨ ᠳ᠋ᠤ ᠪᠡᠨ» ᢉᠡᠰᠡᠨ ᠢ᠋ «ᠴᠠᢈᠢᠮ ᠬᠠᠭᠤᠳᠠᠰᠤᠨ ᠳ᠋ᠤ ᠪᠡᠨ ᠪᠤᠯᠤᠨ ᠨᠡᢉᠡᢉᠡᠯᠲᠡᠲᠡᠢ ᠮᠡᠳᠡᢉᠡᠯᠡᠯ ᠦ᠋ᠨ

ᠰᠢᠰᠲ᠋ᠧᠮ ᠳ᠋ᠦ» ᢉᠡᠵᠦ᠂ ᠑᠓ ᠳ᠋ᠤᠭᠠᠷ ᠵᠦᠶᠢᠯ ᠦ᠋ᠨ ᠑᠓᠂᠒ ᠳ᠋ᠠᢈᠢ ᢈᠡᠰᠡᢉ ᠦ᠋ᠨ «ᠠᠮᠠ ᠪᠡᠷ ᠪᠤᠯᠤᠨ ᠪᠢᠴᠢᢉ ᠢᠶᠡᠷ» ᢉᠡᠰᠡᠨ ᠢ᠋ «ᠠᠮᠠ ᠪᠡᠷ᠂ ᠡᠰᠡᢈᠦᠯ ᠡ ᠪᠢᠴᠢᢉ ᠢᠶᠡᠷ᠂ ᠡᠰᠡᢈᠦᠯ ᠡ

ᠴᠠᢈᠢᠮ ᢈᠡᠯᠪᠡᠷᠢ ᠪᠡᠷ» ᢉᠡᠵᠦ᠂ ᠑᠙ ᠳ᠋ᠦᢉᠡᠷ ᠵᠦᠶᠢᠯ ᠦ᠋ᠨ ᠑᠙᠂᠑ ᠳ᠋ᠡᢈᠢ ᢈᠡᠰᠡᢉ ᠦ᠋ᠨ «ᠲᠠᠨᠢᠨ ᠠ» ᢉᠡᠰᠡᠨ ᠢ᠋ «ᠲᠠᠨᠢᠵᠤ᠂ ᠪᠡᠲᠤᠯᠠᠭᠠᠵᠢᠭᠤᠯᠤᠨ ᠠ᠃ ᠲᠤᠰ ᠰᠢᠰᠲ᠋ᠧᠮ ᠢᠶᠡᠷ ᠲᠠᠨᠢᠵᠤ᠂

ᠪᠡᠲᠤᠯᠠᠭᠠᠵᠢᠭᠤᠯᠤᠭᠰᠠᠨ ᠮᠡᠳᠡᢉᠡᠯᠡᠯ ᠢ᠋ ᢈᠦᠮᠦᠨ᠂ ᠬᠠᠤᠯᠢ ᠶ᠋ᠢᠨ ᠡᠲᠡᢉᠡᠳ ᠡᠴᠡ ᠴᠠᠭᠠᠰᠤᠨ ᢈᠡᠯᠪᠡᠷᠢ ᠪᠡᠷ ᠱᠠᠭᠠᠷᠳᠠᠬᠤ ᠦᢉᠡᠢ ᠪᠦᢉᠡᠳ ᠱᠠᠭᠠᠷᠳᠠᠯᠭ ᠠ ᠲᠠᠢ ᠲᠣᢈᠢᠶᠠᠯᠳᠤᠯ ᠳ᠋ᠤ

ᠮᠡᠳᠡᢉᠡᠯᠡᠯ ᠬᠠᠷᠢᠭᠤᠴᠠᠭᠴᠢ ᠴᠠᢈᠢᠮ ᢈᠡᠯᠪᠡᠷᠢ ᠪᠡᠷ ᠪᠦᠷᠢᠳᠦᢉᠦᠯᠦᠨ ᠡ᠃» ᢉᠡᠵᠦ ᠲᠤᠰ ᠲᠤᠰ ᠥᢉᠡᠷᠡᠴᠢᠯᠡᠰᠦᢉᠡᠢ᠃

᠔ ᠳ᠋ᠦᢉᠡᠷ ᠵᠦᠶᠢᠯ᠃ᠨᠡᠶᠢᠲᠡ ᠶ᠋ᠢᠨ ᠮᠡᠳᠡᢉᠡᠯᠡᠯ ᠦ᠋ᠨ ᠢᠯᠡ ᠲᠣᠳᠤ ᠪᠡᠶᠢᠳᠠᠯ ᠤ᠋ᠨ ᠲᠤᠬᠠᠢ ᠬᠠᠤᠯᠢ ᠶ᠋ᠢᠨ ᠑᠓ ᠳ᠋ᠤᠭᠠᠷ ᠵᠦ᠋ᠢᠯ ᠦ᠋ᠨ ᠑᠓᠂᠓ ᠳ᠋ᠠᢈᠢ ᢈᠡᠰᠡᢉ ᠢ᠋ ᢈᠦᠴᠦᠨ ᠦᢉᠡᠢ

ᠪᠤᠯᠤᠭᠰᠠᠨ ᠳ᠋ᠤ ᠲᠣᠭᠠᠴᠠᠰᠤᠭᠠᠢ᠃

ᠮᠣᠩᠭᠤᠯ ᠤᠯᠤᠰ ᠤ᠋ᠨ

ᠶᠡᢈᠡ ᠬᠤᠷᠠᠯ ᠤ᠋ᠨ ᠳᠠᠷᠤᠭ ᠠ ᠭᠣ᠋᠂ᠽᠠᠨᠳᠠᠨᠰᠢᠲᠠᠷ ᠠ

Төрийн мэдээлэл · 2024 · № 7 (1303)438–439-р хуудас