Татварын ерөнхий хуульд өөрчлөлт оруулах тухай
Moehgo& Folo_ oa HeolI
᠒᠐᠒᠓ ᠣᠨ ᠤ᠋ ᠑᠒ ᠳ᠋ᠤᠭᠡᠷ ᠰᠠᠷ ᠠ ᠶ᠋ᠢᠨ ᠐᠘᠆ ᠤ᠋ ᠡᠳᠦᠷ ᠤᠯᠠᠭᠠᠨᠪᠡᠭᠠᠲᠤᠷ ᠬᠣᠲᠠ
ᠤᠯᠤᠰ ᠤ᠋ᠨ ᠲᠡᠮᠳᠡᢉᠲᠦ ᠶ᠋ᠢᠨ ᠬᠤᠷᠢᠶᠠᠮᠵᠢ ᠶ᠋ᠢᠨ
ᠲᠤᠬᠠᠢ ᠬᠠᠤᠯᠢ ᠳ᠋ᠤ ᠨᠡᠮᠡᠯᠲᠡ
ᠣᠷᠤᠭᠤᠯᠬᠤ ᠲᠤᠬᠠᠢ
᠑ ᠳ᠋ᠦᢉᠡᠷ ᠵᠦᠶᠢᠯ᠃ᠤᠯᠤᠰ ᠤ᠋ᠨ ᠲᠡᠮᠳᠡᢉᠲᠦ ᠶ᠋ᠢᠨ ᠬᠤᠷᠢᠶᠠᠮᠵᠢ ᠶ᠋ᠢᠨ ᠲᠤᠬᠠᠢ ᠬᠠᠤᠯᠢ ᠳ᠋ᠤ ᠳᠣᠣᠷ ᠠ ᠳᠤᠷᠠᠳᠤᠭᠰᠠᠨ ᠠᠭᠤᠯᠭ ᠠ ᠲᠠᠢ ᠳᠠᠷᠠᠭᠠᢈᠢ ᠵᠢᠭᠠᠯᠲᠠ ᠨᠡᠮᠡᠰᠦᢉᠡᠢ:
᠑/᠕ ᠳ᠋ᠤᠭᠠᠷ ᠵᠦᠶᠢᠯ ᠦ᠋ᠨ ᠕᠂᠑᠂᠕᠗ ᠳ᠋ᠠᢈᠢ ᠵᠢᠭᠠᠯᠲᠠ:
« ᠕᠂᠑᠂᠕᠗᠂ᢉᠡᠷ ᠦ᠋ᠨ ᠲᠡᠵᠢᢉᠡᠪᠦᠷᠢ ᠠᠮᠢᠲᠠᠨ ᠤ᠋ ᠲᠤᠬᠠᠢ ᠬᠠᠤᠯᠢ ᠶ᠋ᠢᠨ ᠑᠔ ᠳ᠋ᠦᢉᠡᠷ ᠵᠦᠢᠯ ᠳ᠋ᠦ ᠵᠢᠭᠠᠭᠰᠠᠨ ᠤ᠋ ᠳᠠᠭᠠᠭᠤ ᠨᠣᠬᠠᠢ᠂ ᠮᠤᠤᠷ
ᠦᠷᠡᠵᠢᢉᠦᠯᢈᠦ ᠤᠶᠢᠯᠡ ᠠᠵᠢᠯᠯᠠᠭ ᠠ ᠡᠷᢈᠢᠯᠡᢈᠦ ᠵᠥᠪᠰᠢᠶᠡᠷᠡᠯ ᠣᠯᠭᠣᠬᠣ᠂ ᠰᠤᠩᠭᠠᠬᠤ᠃»
᠒/᠒᠑ ᠳ᠋ᠦᢉᠡᠷ ᠵᠦᠶᠢᠯ ᠦ᠋ᠨ ᠒᠑᠂᠑᠂᠔᠘ ᠳ᠋ᠠᢈᠢ ᠵᠢᠭᠠᠯᠲᠠ:
« ᠒᠑᠂᠑᠂᠔᠘᠂ᠨᠣᠬᠠᠢ᠂ ᠮᠤᠤᠷ ᠦᠷᠡᠵᠢᢉᠦᠯᢈᠦ ᠦᠢᠯᠡ ᠠᠵᠢᠯᠯᠠᠭ ᠠ ᠡᠷᢈᠢᠯᠡᢈᠦ ᠵᠥᠪᠰᠢᠶᠡᠷᠡᠯ ᠣᠯᠭᠣᠬᠣ ᠳ᠋ᠤ ᠓᠐᠐᠐᠐᠐ ᠲᠥᢉᠦᠷᠢᢉ᠂ ᠵᠥᠪᠰᠢᠶᠡᠷᠡᠯ ᠢ᠋
ᠰᠤᠩᠭᠠᠬᠤ ᠳ᠋ᠤ ᠑᠕᠐᠐᠐᠐ ᠲᠥᢉᠦᠷᠢᢉ᠃»
᠒ ᠳ᠋ᠤᠭᠠᠷ ᠵᠦᠶᠢᠯ᠃ᠡᠨ᠋ᠡ ᠬᠠᠤᠯᠢ ᠶ᠋ᠢ ᢉᠡᠷ ᠦ᠋ᠨ ᠲᠡᠵᠢᢉᠡᠪᠦᠷᠢ ᠠᠮᠢᠲᠠᠨ ᠤ᠋ ᠲᠤᠬᠠᠢ ᠬᠠᠤᠯᠢ ᢈᠥᠴᠦᠨ ᠲᠡᢉᠦᠯᠳᠡᠷ ᠪᠦᠯᠤᠭᠰᠠᠨ ᠡᠳᠦᠷ ᠡᠴᠡ ᠡᢈᠢᠯᠡᠨ ᠳᠠᠭᠠᠵᠤ
ᠮᠥᠷᠳᠡᠨ ᠡ᠃
ᠮᠣᠩᠭᠤᠯ ᠤᠯᠤᠰ ᠤ᠋ᠨ
ᠶᠡᢈᠡ ᠬᠤᠷᠠᠯ ᠤ᠋ᠨ ᠳᠠᠷᠤᠭ ᠠ ᠭᠣ᠋᠂ᠽᠠᠨᠳᠠᠨᠰᠢᠲᠠᠷ ᠠ