Төсвийн тухай хуульд нэмэлт, өөрчлөлт оруулах тухай
2023 оны 11 дүгээр Улаанбаатар
сарын 10-ны өдөр хот
1 дүгээр зүйл.Төсвийн тухай хуульд доор дурдсан агуулгатай
дараах хэсэг, заалт нэмсүгэй:
1/59 дүгээр зүйлийн 59.3.5 дахь заалт:
“59.3.5.өмнөх жилийн төлөвлөлт, зарцуулалт, үйл
ажиллагааны үнэлгээ.”
2/59 дүгээр зүйлийн 59.8, 59.9 дэх хэсэг:
“59.8.Энэ хуулийн 59.1.2-т заасан эх үүсвэрээс энэ хуулийн
59.3.5-д заасан итгэлцүүрээр хуваарилагдах хөрөнгийг сумын орон нутгийн хөгжлийн санд шууд хуваарилна.
59.9.Энэ хуулийн 59.7, 59.8-д заасны дагуу орлогын шилжүүлгийг
тодорхойлсны дараа орон нутгийн хөгжлийн нэгдсэн сангийн үлдсэн хэсгийг энэ хуулийн 59.3.1, 59.3.2, 59.3.3-т заасан итгэлцүүрээр тодорхойлно.”
3/60 дугаар зүйлийн 60.2.10 дахь заалт:
“60.2.10.энэ хуулийн 59.8-д заасан хуваарилалт.”
2 дугаар зүйл.Төсвийн тухай хуулийн дараах хэсэг, заалтыг доор
дурдсанаар өөрчлөн найруулсугай:
1/59 дүгээр зүйлийн 59.2.2 дахь заалт:
“59.2.2.энэ хуулийн 59.8-д зааснаас бусад хэсгийн 60
хувийг дараах итгэлцүүрийг харгалзан хуваарилах:
59.2.2.1.хүн амын тоо;
59.2.2.2.нутаг дэвсгэрийн хэмжээ;
59.2.2.3.ашигт малтмал болон газрын тосны
ашиглалтын талбайн хэмжээ.”
2/59 дүгээр зүйлийн 59.7 дахь хэсэг:
“59.7.Энэ хуулийн 59.1.2-т заасан эх үүсвэрээс бүрдсэн орлогын
10 хувийг тухайн эх үүсвэрийн 20 ба түүнээс дээш хувийг бүрдүүлэх аймагт тэнцүү хэмжээгээр, 20 хувийг тухайн эх үүсвэрийн 20 хүртэлх хувийг бүрдүүлэх аймагт бүрдүүлсэн хэмжээгээр нь хувь тэнцүүлж, мөн хуулийн 59.1.5-д заасан эх үүсвэрээс бүрдсэн орлогын 30 хувийг тухайн эх үүсвэрийн 1 ба түүнээс дээш хувийг бүрдүүлэх аймагт тэнцүү хэмжээгээр тус тус хуваарилна.”
3 дугаар зүйл.Төсвийн тухай хуулийн 7 дугаар зүйлийн 7.9 дэх
хэсгийн “төрийн болон орон нутгийн өмчийн төрөлжсөн мэргэшлийн эмнэлэг, нэгдсэн эмнэлэг, сум, тосгоны эрүүл мэндийн төвийн” гэснийг “эрүүл мэнд, боловсролын салбарын гүйцэтгэлд суурилсан санхүүжилтийн зарчмаар санхүүждэг байгууллагын” гэж, 24 дүгээр зүйлийн 24.7 дахь хэсгийн “3.1.1, 3.1.2-т заасан нийтээр тэмдэглэх баярын болон тэмдэглэлт өдөр, тэдгээртэй адилтгах аливаа өдөрлөг, ойн баярт” гэснийг “3.1.2-т заасан нийтээр тэмдэглэх тэмдэглэлт өдөр, тэдгээртэй адилтгах аливаа өдөрлөгт” гэж, 59 дүгээр зүйлийн 59.2.3 дахь заалтын “заасан хувь хэмжээгээр” гэснийг “зааснаар” гэж, 60 дугаар зүйлийн 60.6 дахь хэсгийн “орлогын 50-аас доошгүй хувийг” гэснийг “орлогыг” гэж тус тус өөрчилсүгэй.
4 дүгээр зүйл.Төсвийн тухай хуулийн 59 дүгээр зүйлийн 59.3.3
дахь заалтын “хүн амын нягтрал, алслалт,” гэснийг хассугай.
5 дугаар зүйл.Төсвийн тухай хуулийн 59 дүгээр зүйлийн 59.2.1
дэх заалтыг хүчингүй болсонд тооцсугай.
6 дугаар зүйл.Энэ хуулийг 2024 оны 01 дүгээр сарын 01-ний
өдрөөс эхлэн дагаж мөрдөнө.
᠒᠐᠒᠓ ᠣᠨ ᠤ᠋ ᠑᠑ ᠳ᠋ᠤᢉᠡᠷ ᠰᠠᠷ ᠠ ᠶ᠋ᠢᠨ ᠑᠐᠆ ᠤ᠋ ᠡᠳᠦᠷ ᠤᠯᠠᠭᠠᠨᠪᠠᠭᠠᠲᠤᠷ ᠬᠣᠲᠠ
ᠲᠥᠰᠦᠪ ᠦ᠋ᠨ ᠲᠤᠬᠠᠢ ᠬᠠᠤᠯᠢ ᠳ᠋ᠤ ᠨᠡᠮᠡᠯᠲᠡ᠂
ᠥᢉᠡᠷᠡᠴᠢᠯᠡᠯᠲᠡ ᠣᠷᠤᠭᠤᠯᠬᠤ ᠲᠤᠬᠠᠢ
᠑ ᠳ᠋ᠤᢉᠡᠷ ᠵᠦᠶᠢᠯ᠃ᠲᠥᠰᠦᠪ ᠦ᠋ᠨ ᠲᠤᠬᠠᠢ ᠬᠠᠤᠯᠢ ᠳ᠋ᠤ ᠳᠣᠣᠷ ᠠ ᠳᠤᠷᠠᠳᠤᠭᠰᠠᠨ ᠠᠭᠤᠯᠭ ᠠ ᠲᠠᠢ ᠳᠠᠷᠠᠭᠠᢈᠢ ᢈᠡᠰᠡᢉ᠂ ᠵᠢᠭᠠᠯᠲᠠ ᠨᠡᠮᠡᠰᠤᢉᠡᠢ:
᠑/᠕᠙ ᠳ᠋ᠤᢉᠡᠷ ᠵᠦᠶᠢᠯ ᠦ᠋ᠨ ᠕᠙᠂᠓᠂᠕ ᠳ᠋ᠠᢈᠢ ᠵᠢᠭᠠᠯᠲᠠ:
« ᠕᠙᠂᠓᠂᠕᠂ᠡᠮᠦᠨᠡᢈᠢ ᠵᠢᠯ ᠦ᠋ᠨ ᠲᠥᠯᠦᠪᠯᠡᠯᠲᠡ᠂ ᠵᠠᠷᠤᠴᠠᠭᠤᠯᠤᠯᠲᠠ᠂ ᠤᠶᠢᠯᠡ ᠠᠵᠢᠯᠯᠠᠭᠠᠨ ᠤ᠋ ᠦᠨᠡᠯᠡᢉᠡ᠃»
᠒/᠕᠙ ᠳ᠋ᠤᢉᠡᠷ ᠵᠦᠶᠢᠯ ᠦ᠋ᠨ ᠕᠙᠂᠘᠂ ᠕᠙᠂᠙ ᠳ᠋ᠡᢈᠢ ᢈᠡᠰᠡᢉ:
« ᠕᠙᠂᠘᠂ᠡᠨᠡ ᠬᠠᠤᠯᠢ ᠶ᠋ᠢᠨ ᠕᠙᠂᠑᠂᠒᠆ ᠲᠤ ᠵᠢᠭᠠᠭᠰᠠᠨ ᠡᢈᠢ ᠡᢉᠦᠰᠪᠤᠷᠢ ᠡᠴᠡ ᠡᠨᠡ ᠬᠠᠤᠯᠢ ᠶ᠋ᠢᠨ ᠕᠙᠂᠓᠂᠕᠆ ᠳ᠋ᠤ ᠵᠢᠭᠠᠭᠰᠠᠨ ᠢᠲᠡᢉᠡᠯᠴᠡᢉᠦᠷ ᠢ᠋ᠶᠡᠷ
ᠬᠤᠪᠢᠶᠠᠷᠢᠯᠠᠭᠳᠠᠬᠤ ᢈᠦᠷᠦᠩᢉᠡ ᠶ᠋ᠢ ᠰᠤᠮᠤ ᠶ᠋ᠢᠨ ᠣᠷᠤᠨ ᠨᠤᠲᠤᠭ ᠤ᠋ᠨ ᢈᠦᢉᠵᠢᠯ ᠦ᠋ᠨ ᠰᠠᠩ ᠳ᠋ᠤ ᠰᠢᠭᠤᠳ ᠬᠤᠪᠢᠶᠠᠷᠢᠯᠠᠨ ᠠ᠃
᠕᠙᠂᠙᠂ᠡᠨᠡ ᠬᠠᠤᠯᠢ ᠶ᠋ᠢᠨ ᠕᠙᠂᠗᠂ ᠕᠙᠂᠘ ᠆ᠳ᠋ᠤ ᠵᠢᠭᠠᠭᠰᠠᠨ ᠤ᠋ ᠳᠠᠭᠠᠭᠤ ᠣᠷᠤᠯᠭ ᠠ ᠶ᠋ᠢᠨ ᠰᠢᠯᠵᠢᢉᠦᠯᢉᠡ ᠶ᠋ᠢ ᠲᠣᠳᠤᠷᠬᠠᠶᠢᠯᠠᠭᠰᠠᠨ ᠤ᠋ ᠳᠠᠷᠠᠭ ᠠ ᠣᠷᠤᠨ ᠨᠤᠲᠤᠭ ᠤ᠋ᠨ
ᢈᠦᢉᠵᠢᠯ ᠦ᠋ᠨ ᠨᠢᢉᠡᠳᠦᢉᠰᠡᠨ ᠰᠠᠩ ᠤ᠋ᠨ ᠦᠯᠡᠳᠡᢉᠰᠡᠨ ᢈᠡᠰᠡᢉ ᠢ᠋ ᠡᠨᠡ ᠬᠠᠤᠯᠢ ᠶ᠋ᠢᠨ ᠕᠙᠂᠓᠂᠑᠂ ᠕᠙᠂᠓᠂᠒᠂ ᠕᠙᠂᠓᠂᠓᠆ ᠳ᠋ᠤ ᠵᠢᠭᠠᠭᠰᠠᠨ ᠢᠲᠡᢉᠡᠯᠴᠡᢉᠦᠷ ᠢ᠋ᠶᠡᠷ ᠲᠣᠳᠤᠷᠬᠠᠶᠢᠯᠠᠨ ᠠ᠃»
᠓/᠖᠐ ᠳ᠋ᠤᠭᠠᠷ ᠵᠦᠶᠢᠯ ᠦ᠋ᠨ ᠖᠐᠂᠒᠂᠑᠐ ᠳ᠋ᠠᢈᠢ ᠵᠢᠭᠠᠯᠲᠠ:
« ᠖᠐᠂᠒᠂᠑᠐᠂ᠡᠨᠡ ᠬᠠᠤᠯᠢ ᠶ᠋ᠢᠨ ᠕᠙᠂᠘ ᠆ ᠳ᠋ᠤ ᠵᠢᠭᠠᠭᠰᠠᠨ ᠬᠤᠪᠢᠶᠠᠷᠢᠯᠠᠯᠲᠠ᠃»
᠒ ᠳ᠋ᠤᠭᠠᠷ ᠵᠦᠶᠢᠯ᠃ᠲᠥᠰᠦᠪ ᠦ᠋ᠨ ᠲᠤᠬᠠᠢ ᠬᠠᠤᠯᠢ ᠶ᠋ᠢᠨ ᠳᠠᠷᠠᠭᠠᢈᠢ ᢈᠡᠰᠡᢉ᠂ ᠵᠢᠭᠠᠯᠲᠠ ᠶ᠋ᠢ ᠳᠣᠣᠷ ᠠ ᠳᠤᠷᠠᠳᠤᠭᠰᠠᠨ ᠢ᠋ᠶᠠᠷ ᠥᢉᠡᠷᠡᠴᠢᠯᠡᠨ ᠨᠠᠶᠢᠷᠠᠭᠤᠯᠰᠤᠭᠠᠢ:
᠑/᠕᠙ ᠳ᠋ᠤᢉᠡᠷ ᠵᠦᠶᠢᠯ ᠦ᠋ᠨ ᠕᠙᠂᠒᠂᠒ ᠳ᠋ᠠᢈᠢ ᠵᠢᠭᠠᠯᠲᠠ:
« ᠕᠙᠂᠒᠂᠒᠂ᠡᠨᠡ ᠬᠠᠤᠯᠢ ᠶ᠋ᠢᠨ ᠕᠙᠂᠘ ᠆ᠳ᠋ᠤ ᠵᠢᠭᠠᠭᠰᠠᠨ ᠡᠴᠠ ᠪᠤᠰᠤᠳ ᢈᠡᠰᠡᢉ ᠦ᠋ᠨ ᠖᠐ ᠬᠤᠪᠢ ᠶ᠋ᠢ ᠳᠠᠷᠠᠭᠠᢈᠢ ᠢᠲᠡᢉᠡᠯᠴᠡᢉᠦᠷ ᠢ᠋ ᠬᠠᠷᠠᠭᠠᠯᠵᠠᠨ
ᠬᠤᠪᠢᠶᠠᠷᠢᠯᠠᠬᠤ:
Moehgo& Folo_ oa HeolI
᠕᠙᠂᠒᠂᠒᠂᠑᠂ᢈᠦᠮᠦᠨ ᠠᠮᠠ ᠶ᠋ᠢᠨ ᠲᠣᠭ ᠠ;
᠕᠙᠂᠒᠂᠒᠂᠒᠂ᠨᠤᠲᠤᠭ ᠳᠡᠪᠢᠰᢈᠡᠷ ᠦ᠋ᠨ ᢈᠡᠮᠵᠢᠶ ᠡ;
᠕᠙᠂᠒᠂᠒᠂᠓᠂ᠠᠰᠢᠭᠲᠤ ᠮᠠᠯᠲᠠᠮᠠᠯ ᠪᠤᠯᠤᠨ ᠭᠠᠵᠠᠷ ᠤ᠋ᠨ ᠲᠣᠰᠤᠨ ᠤ᠋ ᠠᠰᠢᠭᠯᠠᠯᠲᠠ ᠶ᠋ᠢᠨ ᠲᠠᠯᠠᠪᠠᠢ ᠶ᠋ᠢᠨ ᢈᠡᠮᠵᠢᠶ ᠡ᠃»
᠒/᠕᠙ ᠳ᠋ᠤᢉᠡᠷ ᠵᠦᠶᠢᠯ ᠦ᠋ᠨ ᠕᠙᠂᠗ ᠳ᠋ᠠᢈᠢ ᢈᠡᠰᠡᢉ:
« ᠕᠙᠂᠗᠂ᠡᠨᠡ ᠬᠠᠤᠯᠢ ᠶ᠋ᠢᠨ ᠕᠙᠂᠑᠂᠒᠆ ᠲᠤ ᠵᠢᠭᠠᠭᠰᠠᠨ ᠡᢈᠢ ᠡᢉᠦᠰᠪᠤᠷᠢ ᠡᠴᠡ ᠪᠦᠷᠢᠳᠦᢉᠰᠡᠨ ᠣᠷᠤᠯᠭ ᠠ ᠶ᠋ᠢᠨ ᠑᠐ ᠬᠤᠪᠢ ᠶ᠋ᠢ ᠲᠤᠬᠠᠢ ᠶ᠋ᠢᠨ ᠡᢈᠢ ᠡᢉᠦᠰᠪᠤᠷᠢ ᠶ᠋ᠢᠨ
᠒᠐ ᠪᠠ ᠲᠡᢉᠦᠨ ᠡᠴᠡ ᠳᠡᢉᠡᢉᠰᠢ ᠬᠤᠪᠢ ᠶ᠋ᠢ ᠪᠦᠷᠢᠳᠦᢉᠦᠯᢈᠦ ᠠᠶᠢᠮᠠᠭ ᠲᠤ ᠲᠡᠩᠴᠡᢉᠦᠦ ᢈᠡᠮᠵᠢᠶ ᠡ ᠪᠠᠷ᠂ ᠒᠐ ᠬᠤᠪᠢ ᠶ᠋ᠢ ᠲᠤᠬᠠᠢ ᠶ᠋ᠢᠨ ᠡᢈᠢ ᠡᢉᠦᠰᠪᠤᠷᠢ ᠶ᠋ᠢᠨ ᠒᠐ ᢈᠦᠷᠲᠡᠯᠡᢈᠢ
ᠬᠤᠪᠢ ᠶ᠋ᠢ ᠪᠦᠷᠢᠳᠦᢉᠦᠯᢈᠦ ᠠᠶᠢᠮᠠᠭ ᠲᠤ ᠪᠦᠷᠢᠳᠦᢉᠦᠯᠦᢉᠰᠡᠨ ᢈᠡᠮᠵᠢᠶ ᠡ ᠪᠠᠷ ᠨᠢ ᠬᠤᠪᠢ ᠲᠡᠩᠴᠡᢉᠦᠯᠵᠦ᠂ ᠮᠥᠨ ᠬᠠᠤᠯᠢ ᠶ᠋ᠢᠨ ᠕᠙᠂᠑᠂᠕᠆ ᠳ᠋ᠤ ᠵᠢᠭᠠᠭᠰᠠᠨ ᠡᢈᠢ ᠡᢉᠦᠰᠪᠤᠷᠢ ᠡᠴᠡ
ᠪᠦᠷᠢᠳᠦᢉᠰᠡᠨ ᠣᠷᠤᠯᠭ ᠠ ᠶ᠋ᠢᠨ ᠓᠐ ᠬᠤᠪᠢ ᠶ᠋ᠢ ᠲᠤᠬᠠᠢ ᠶ᠋ᠢᠨ ᠡᢈᠢ ᠡᢉᠦᠰᠪᠤᠷᠢ ᠶ᠋ᠢᠨ ᠑ ᠪᠠ ᠲᠡᢉᠦᠨ ᠡᠴᠡ ᠳᠡᢉᠡᢉᠰᠢ ᠬᠤᠪᠢ ᠶ᠋ᠢ ᠪᠦᠷᠢᠳᠦᢉᠦᠯᢈᠦ ᠠᠶᠢᠮᠠᠭ ᠲᠤ ᠲᠡᠩᠴᠡᢉᠦᠦ
ᢈᠡᠮᠵᠢᠶ ᠡ ᠪᠠᠷ ᠲᠤᠰ ᠲᠤᠰ ᠬᠤᠪᠢᠶᠠᠷᠢᠯᠠᠨ ᠠ᠃»
᠓ ᠳ᠋ᠤᠭᠠᠷ ᠵᠦᠶᠢᠯ᠃ᠲᠥᠰᠦᠪ ᠦ᠋ᠨ ᠲᠤᠬᠠᠢ ᠬᠠᠤᠯᠢ ᠶ᠋ᠢᠨ ᠗ ᠳ᠋ᠤᠭᠠᠷ ᠵᠦᠶᠢᠯ ᠦ᠋ᠨ ᠗᠂᠙ ᠳ᠋ᠡᢈᠢ ᢈᠡᠰᠡᢉ ᠦ᠋ᠨ « ᠲᠥᠷᠦ ᠶ᠋ᠢᠨ ᠪᠤᠯᠤᠨ ᠣᠷᠤᠨ ᠨᠤᠲᠤᠭ ᠤ᠋ᠨ ᠥᠮᠴᠢ ᠶ᠋ᠢᠨ
ᠲᠥᠷᠦᠯᠵᠢᢉᠰᠡᠨ ᠮᠡᠷᢉᠡᠰᠢᠯ ᠦ᠋ᠨ ᠡᠮᠨᠡᠯᢉᠡ᠂ ᠨᠢᢉᠡᠳᠦᢉᠰᠡᠨ ᠡᠮᠨᠡᠯᢉᠡ᠂ ᠰᠤᠮᠤ᠂ ᠲᠣᠰᠬᠤᠨ ᠤ᠋ ᠡᠷᠡᢉᠦᠯ ᠮᠡᠨᠳᠦ ᠶ᠋ᠢᠨ ᠲᠥᠪ ᠦ᠋ᠨ » ᢉᠡᠰᠡᠨ ᠢ᠋ « ᠡᠷᠡᢉᠦᠯ ᠮᠡᠨᠳᠦ᠂ ᠪᠤᠯᠪᠠᠰᠤᠷᠠᠯ ᠤ᠋ᠨ
ᠰᠠᠯᠪᠤᠷᠢ ᠶ᠋ᠢᠨ ᢉᠦᠶᠢᠴᠡᠳᢈᠡᠯ ᠳ᠋ᠦ ᠰᠠᠭᠤᠷᠢᠯᠠᠭᠰᠠᠨ ᠰᠠᠩᢈᠦᠵᠢᠯᠲᠡ ᠶ᠋ᠢᠨ ᠵᠠᠷᠴᠢᠮ ᠢ᠋ᠶᠠᠷ ᠰᠠᠩᢈᠦᠵᠢᠳᠡᢉ ᠪᠠᠶᠢᠭᠤᠯᠤᠯᠭ ᠠ ᠶ᠋ᠢᠨ » ᢉᠡᠵᠦ᠂ ᠒᠔ ᠳ᠋ᠤᢉᠡᠷ ᠵᠦᠶᠢᠯ ᠦ᠋ᠨ ᠒᠔᠂᠗ ᠳ᠋ᠠᢈᠢ ᢈᠡᠰᠡᢉ ᠦ᠋ᠨ
« ᠓᠂᠑᠂᠑᠂ ᠓᠂᠑᠂᠒᠆ ᠲᠤ ᠵᠢᠭᠠᠭᠰᠠᠨ ᠨᠡᠶᠢᠲᠡ ᠪᠠᠷ ᠲᠡᠮᠳᠡᢉᠯᠡᢈᠦ ᠪᠠᠶᠠᠷ ᠤ᠋ᠨ ᠪᠤᠯᠤᠨ ᠲᠡᠮᠳᠡᢉᠯᠡᠯᠲᠦ ᠡᠳᠦᠷ᠂ ᠲᠡᠳᠡᢉᠡᠷ ᠲᠡᠢ ᠠᠳᠠᠯᠢᠳᠬᠠᠬᠤ ᠠᠯᠢᠪᠠ ᠡᠳᠦᠷᠯᠢᢉ᠂ ᠣᠢ ᠶ᠋ᠢᠨ
ᠪᠠᠶᠠᠷ ᠲᠤ» ᢉᠡᠰᠡᠨ ᠢ᠋ « ᠓᠂᠑᠂᠒᠆ ᠲᠤ ᠵᠢᠭᠠᠭᠰᠠᠨ ᠨᠡᠶᠢᠲᠡ ᠪᠠᠷ ᠲᠡᠮᠳᠡᢉᠯᠡᢈᠦ ᠲᠡᠮᠳᠡᢉᠯᠡᠯᠲᠦ ᠡᠳᠦᠷ᠂ ᠲᠡᠳᠡᢉᠡᠷ ᠲᠡᠢ ᠠᠳᠠᠯᠢᠳᠬᠠᠬᠤ ᠠᠯᠢᠪᠠ ᠡᠳᠦᠷᠯᠢᢉ ᠲᠦ» ᢉᠡᠵᠦ᠂
᠕᠙ ᠳ᠋ᠤᢉᠡᠷ ᠵᠦᠶᠢᠯ ᠦ᠋ᠨ ᠕᠙᠂᠒᠂᠓ ᠳ᠋ᠠᢈᠢ ᠵᠢᠭᠠᠯᠲᠠ ᠶ᠋ᠢᠨ « ᠵᠢᠭᠠᠭᠰᠠᠨ ᠬᠤᠪᠢ ᢈᠡᠮᠵᠢᠶ ᠡ ᠪᠠᠷ» ᢉᠡᠰᠡᠨ ᠢ᠋ « ᠵᠢᠭᠠᠭᠰᠠᠨ ᠢ᠋ᠶᠠᠷ» ᢉᠡᠵᠦ᠂ ᠖᠐ ᠳ᠋ᠤᠭᠠᠷ ᠵᠦᠶᠢᠯ ᠦ᠋ᠨ ᠖᠐᠂᠖ ᠳ᠋ᠠᢈᠢ
ᢈᠡᠰᠡᢉ ᠦ᠋ᠨ « ᠣᠷᠤᠯᠭ ᠠ ᠶ᠋ᠢᠨ ᠕᠐᠆ ᠡᠴᠠ ᠳᠣᠭᠤᠭᠰᠢ ᠦᢉᠡᠢ ᠬᠤᠪᠢ ᠶ᠋ᠢ» ᢉᠡᠰᠡᠨ ᠢ᠋ « ᠣᠷᠤᠯᠭ ᠠ ᠶ᠋ᠢ» ᢉᠡᠵᠦ ᠲᠤᠰ ᠲᠤᠰ ᠥᢉᠡᠷᠡᠴᠢᠯᠡᠰᠦᢉᠡᠢ᠃
᠔ ᠳ᠋ᠤᢉᠡᠷ ᠵᠦᠶᠢᠯ᠃ᠲᠥᠰᠦᠪ ᠦ᠋ᠨ ᠲᠤᠬᠠᠢ ᠬᠠᠤᠯᠢ ᠶ᠋ᠢᠨ ᠕᠙ ᠳ᠋ᠤᢉᠡᠷ ᠵᠦᠶᠢᠯ ᠦ᠋ᠨ ᠕᠙᠂᠓᠂᠓ ᠳ᠋ᠠᢈᠢ ᠵᠢᠭᠠᠯᠲᠠ ᠶ᠋ᠢᠨ « ᢈᠦᠮᠦᠨ ᠠᠮᠠ ᠶ᠋ᠢᠨ ᠨᠢᠭᠲᠠᠷᠠᠯ᠂ ᠠᠯᠤᠰᠯᠠᠯᠲᠠ᠂»
ᢉᠡᠰᠡᠨ ᠢ᠋ ᠬᠠᠰᠤᠰᠤᠭᠠᠢ᠃
᠕ ᠳ᠋ᠤᠭᠠᠷ ᠵᠦᠶᠢᠯ᠃ᠲᠥᠰᠦᠪ ᠦ᠋ᠨ ᠲᠤᠬᠠᠢ ᠬᠠᠤᠯᠢ ᠶ᠋ᠢᠨ ᠕᠙ ᠳ᠋ᠤᢉᠡᠷ ᠵᠦᠶᠢᠯ ᠦ᠋ᠨ ᠕᠙᠂᠒᠂᠑ ᠳ᠋ᠡᢈᠢ ᠵᠢᠭᠠᠯᠲᠠ ᠶ᠋ᠢ ᢈᠦᠴᠦᠨ ᠦᢉᠡᠢ ᠪᠤᠯᠤᠭᠰᠠᠨ ᠳ᠋ᠤ ᠲᠣᠭᠠᠴᠠᠰᠤᠭᠠᠢ᠃
᠖ ᠳ᠋ᠤᠭᠠᠷ ᠵᠦᠶᠢᠯ᠃ᠡᠨᠡ ᠬᠠᠤᠯᠢ ᠶ᠋ᠢ ᠒᠐᠒᠔ ᠣᠨ ᠤ᠋ ᠐᠑ ᠳ᠋ᠤᢉᠡᠷ ᠰᠠᠷ ᠠ ᠶ᠋ᠢᠨ ᠐᠑᠆ ᠤ᠋ ᠡᠳᠦᠷ ᠡᠴᠡ ᠡᢈᠢᠯᠡᠨ ᠳᠠᠭᠠᠵᠤ ᠮᠥᠷᠳᠡᠨ ᠡ᠃
ᠮᠣᠩᠭᠤᠯ ᠤᠯᠤᠰ ᠤ᠋ᠨ
ᠶᠡᢈᠡ ᠬᠤᠷᠠᠯ ᠤ᠋ᠨ ᠳᠡᠳ᠋ ᠳᠠᠷᠤᠭ ᠠ ᡀᠠ ᠂ᠮᠥᠩᢈᠡᠪᠠᠭᠠᠲᠤᠷ