Монгол Улсын Их Хурал
ТӨРИЙН
МЭДЭЭЛЭЛ
(ХУУЛЬ, ТОГТООЛ, ЗАРЛИГ)
№ 25
(1273)
— 1651 —

Залуучуудын хөгжлийг дэмжих тухай хуульд нэмэлт, өөрчлөлт оруулах тухай

2023 оны 06 дугаар Улаанбаатар

сарын 16-ны өдөр хот

ЗАЛУУЧУУДЫН ХӨГЖЛИЙГ ДЭМЖИХ ТУХАЙ ХУУЛЬД НЭМЭЛТ, ӨӨРЧЛӨЛТ
ОРУУЛАХ ТУХАЙ

1 дүгээр зүйл.Залуучуудын хөгжлийг дэмжих тухай хуулийн 19

дүгээр зүйлд доор дурдсан агуулгатай 19.1.6-19.1.11 дэх заалт нэмсүгэй:

“19.1.6.энэ хуулийн 20.1-д заасан төвийн үйл ажиллагааны

салбар дундын хамтын ажиллагааны зохицуулалтыг хангах, хүний нөөцийн чадавхыг дэмжих арга хэмжээ авах;

19.1.7.аймаг, нийслэл, сум, дүүргийн залуучуудын

хөгжлийн салбар зөвлөлийг мэргэжил, арга зүйн нэгдсэн удирдлагаар хангах;

19.1.8.залуучуудын хөгжлийг дэмжихэд төрийн,

төрийн бус байгууллага, хувийн хэвшлийн хамтын ажиллагааг дэмжих, урамшуулах;

19.1.9.залуучуудын мэдээллийн санг бүрдүүлж, хөтлөх;

19.1.10.аймаг, сум, дүүрэг дэх төвийн хэрэгжүүлэх

энэ хуулийн 20.2-т заасан чиг үүргийг гэрээний үндсэн дээр гүйцэтгэх залуучуудын иргэний нийгмийн байгууллагыг магадлан итгэмжлэх, мэргэжил, арга зүйн нэгдсэн удирдлагаар хангах;

19.1.11.энэ хуулийн 19.1-д заасан зарим чиг үүргийг

гэрээний үндсэн дээр гүйцэтгэх залуучуудын иргэний нийгмийн

байгууллагыг магадлан итгэмжлэх журмыг батлах.”

2 дугаар зүйл.Залуучуудын хөгжлийг дэмжих тухай хуулийн 20

дугаар зүйлийг доор дурдсанаар өөрчлөн найруулсугай:

“20 дугаар зүйл.Залуучуудын хөгжлийг дэмжих төвийн чиг үүрэг

20.1.Орон нутагт залуучуудад үйлчилгээ үзүүлэх залуучуудын

хөгжлийн төвийг ажиллуулна. Залуучуудын хөгжлийн төвийн дүрмийг залуучуудын асуудал эрхэлсэн Засгийн газрын гишүүн батална.

20.2.Залуучуудын хөгжлийн төв дараах чиг үүргийг хэрэгжүүлнэ:

МОНГОЛ УЛСЫН ХУУЛЬ

20.2.1.залуучуудад амьдрах ухааны чадвар эзэмшүүлэх

сургалт явуулах;

20.2.2.залуучуудын эрх ашгийг хөндсөн аливаа асуудлаар

шийдвэр гаргахтай холбоотой саналаа холбогдох төрийн байгууллагад хүргүүлэх, мэдээллээр хангах;

20.2.3.залуучуудын хүсэл, сонирхол, эрэлт, хэрэгцээнд

тулгуурласан сонирхлын бүлгийн үйл ажиллагааг дэмжих;

20.2.4.залуучуудыг хууль зүйн туслалцаа болон эрүүл

мэндийн тусламж, үйлчилгээнд холбон зуучлах;

20.2.5.гэр бүл төлөвлөлт, гэр бүлийн харилцаа,

тулгамдсан бэрхшээлийг даван туулах талаар залуучуудад сургалт явуулах, сэтгэл зүйн дэмжлэг үзүүлэх;

20.2.6.зорилтот бүлгийн залуучуудыг хөдөлмөр

эрхлэлтийн үйлчилгээ, мэдээллээр хангаж, ажилд зуучлах;

20.2.7.залуучуудыг гарааны компани эрхлэхийг дэмжих

чиглэлээр орон нутгийн хөдөлмөр эрхлэлтийн асуудал хариуцсан төрийн байгууллагатай хамтран ажиллах;

20.2.8.хууль тогтоомжид заасан бусад.

20.3.Энэ хуулийн 20.2-т заасан чиг үүргийг магадлан

итгэмжлэгдсэн залуучуудын эрх, хууль ёсны ашиг сонирхлыг төлөөлөн хамгаалах залуучуудын иргэний нийгмийн байгууллагаар гэрээний үндсэн дээр гүйцэтгүүлж болно.

20.4.Залуучуудын хөгжлийн төвийн үйл ажиллагааны зардлыг

улсын болон орон нутгийн төсвөөс санхүүжүүлнэ.”

3 дугаар зүйл.Залуучуудын хөгжлийг дэмжих тухай хуулийн

8 дугаар зүйлийн 8.6 дахь хэсгийн, 9 дүгээр зүйлийн 9.8 дахь хэсгийн “Залуучуудын хөгжлийг дэмжих сангаас” гэснийг “Засгийн газрын холбогдох тусгай сангаас” гэж, 11 дүгээр зүйлийн 11.1.1 дэх заалтын “хөдөлмөрийн болон залуучуудын асуудал эрхэлсэн төрийн захиргааны байгууллага хамтран” гэснийг “хөдөлмөрийн асуудал эрхэлсэн төрийн захиргааны байгууллага” гэж, 15 дугаар зүйлийн 15.1 дэх хэсгийн “төрийн захиргааны байгууллага” гэснийг “төрийн захиргааны төв байгууллага” гэж, 15.2 дахь хэсгийн “төв байгууллага баталж, залуучуудын асуудал эрхэлсэн төрийн захиргааны байгууллага хэрэгжүүлнэ.” гэснийг “төв байгууллага батална.”

гэж, 19 дүгээр зүйлийн “19.1.6” дахь заалтын дугаарыг “19.1.12” гэж тус тус өөрчилсүгэй.

4 дүгээр зүйл.Залуучуудын хөгжлийг дэмжих тухай хуулийн 4

дүгээр зүйлийн 4.1.9 дэх заалт, Тавдугаар бүлгийг тус тус хүчингүй болсонд тооцсугай.

5 дугаар зүйл.Энэ хуулийг 2023 оны 07 дугаар сарын 01-ний

өдрөөс эхлэн дагаж мөрдөнө.

МОНГОЛ УЛСЫН ИХ ХУРЛЫН ДАРГА Г.ЗАНДАНШАТАР

᠒᠐᠒᠓ ᠣᠨ ᠤ᠋ ᠐᠖ ᠳ᠋ᠤᠭᠡᠷ ᠰᠠᠷ ᠠ ᠶ᠋ᠢᠨ ᠑᠖᠆ ᠤ᠋ ᠡᠳᠦᠷ ᠤᠯᠠᠭᠠᠨᠪᠠᠭᠠᠲᠤᠷ ᠬᠣᠲᠠ

ᠵᠠᠯᠠᠭᠣᠴᠣᠳ ᠤ᠋ᠨ ᢈᠦᢉᠵᠢᠯ ᠢ᠋ ᠳᠡᠮᠵᠢᢈᠦ ᠲᠤᠬᠠᠢ ᠬᠠᠤᠯᠢ ᠳ᠋ᠤ

ᠨᠡᠮᠡᠯᠲᠡ᠂ ᠥᢉᠡᠷᠡᠴᠢᠯᠡᠯᠲᠡ ᠣᠷᠤᠭᠤᠯᠬᠤ ᠲᠤᠬᠠᠢ

᠑ ᠳ᠋ᠤᢉᠡᠷ ᠵᠦᠶᠢᠯ᠃ᠵᠠᠯᠠᠭᠤᠴᠤᠳ ᠤ᠋ᠨ ᢈᠦᢉᠵᠢᠯ ᠢ᠋ ᠳᠡᠮᠵᠢᢈᠦ ᠲᠤᠬᠠᠢ ᠬᠠᠤᠯᠢ ᠶ᠋ᠢᠨ ᠑᠙ ᠳ᠋ᠦᢉᠡᠷ

ᠵᠦᠶᠢᠯ ᠳ᠋ᠦ ᠳᠣᠣᠷ ᠠ ᠳᠤᠷᠠᠳᠤᠭᠰᠠᠨ ᠠᠭᠤᠯᠭ ᠠ ᠲᠠᠢ ᠑᠙᠂᠑᠂᠖᠆᠑᠙᠂᠑᠂᠑᠑ ᠳ᠋ᠡᢈᠢ ᠵᠢᠭᠠᠯᠲᠠ ᠨᠡᠮᠡᠰᠦᢉᠡᠢ:

« ᠑᠙᠂᠑᠂᠖᠂ᠡᠨᠡ ᠬᠠᠤᠯᠢ ᠶ᠋ᠢᠨ ᠒᠐᠂᠑᠆ ᠳ᠋ᠦ ᠵᠢᠭᠠᠭᠰᠠᠨ ᠲᠥᠪ ᠦ᠋ᠨ ᠤᠶᠢᠯᠡ

ᠠᠵᠢᠯᠯᠠᠭᠠᠨ ᠤ᠋ ᠰᠠᠯᠪᠣᠷᠢ ᠳᠤᠮᠳᠠ ᠶ᠋ᠢᠨ ᠬᠠᠮᠲᠤ ᠶ᠋ᠢᠨ ᠠᠵᠢᠯᠯᠠᠭᠠᠨ ᠤ᠋ ᠵᠣᢈᠢᠴᠠᠭᠤᠯᠤᠯᠲᠠ ᠶ᠋ᠢ ᠬᠠᠩᠭᠠᠬᠤ᠂ ᢈᠦᠮᠦᠨ ᠦ᠋

ᠨᠥᢉᠡᠴᠡ ᠶ᠋ᠢᠨ ᠴᠢᠳᠠᠪᢈᠢ ᠶ᠋ᠢ ᠳᠡᠮᠵᠢᢈᠦ ᠠᠷᠭ ᠠ ᢈᠡᠮᠵᠢᠶ ᠡ ᠠᠪᠬᠤ;

᠑᠙᠂᠑᠂᠗᠂ᠠᠶᠢᠮᠠᠭ᠂ ᠨᠡᠶᠢᠰᠯᠡᠯ᠂ ᠰᠤᠮᠤ᠂ ᠳᠡᢉᠦᠷᢉᠡ ᠶ᠋ᠢᠨ ᠵᠠᠯᠠᠭᠤᠴᠤᠳ ᠤ᠋ᠨ ᢈᠦᢉᠵᠢᠯ ᠦ᠋ᠨ

ᠰᠠᠯᠪᠣᠷᠢ ᠵᠥᠪᠯᠡᠯ ᠢ᠋ ᠮᠡᠷᢉᠡᠵᠢᠯ᠂ ᠠᠷᠭ ᠠ ᠵᠦᠢ ᠶ᠋ᠢᠨ ᠨᠢᢉᠡᠳᠦᢉᠰᠡᠨ ᠤᠳᠤᠷᠢᠳᠤᠯᠭ ᠠ ᠪᠠᠷ ᠬᠠᠩᠭᠠᠬᠤ;

᠑᠙᠂᠑᠂᠘᠂ᠵᠠᠯᠠᠭᠤᠴᠤᠳ ᠤ᠋ᠨ ᢈᠦᢉᠵᠢᠯ ᠢ᠋ ᠳᠡᠮᠵᠢᢈᠦ ᠳ᠋ᠦ ᠲᠥᠷᠦ ᠶ᠋ᠢᠨ᠂ ᠲᠥᠷᠦ ᠶ᠋ᠢᠨ

ᠪᠣᠰᠤ ᠪᠠᠶᠢᠭᠤᠯᠤᠯᠭ ᠠ᠂ ᠬᠤᠪᠢ ᠶ᠋ᠢᠨ ᢈᠡᠪᠰᠢᠯ ᠦ᠋ᠨ ᠬᠠᠮᠲᠤ ᠶ᠋ᠢᠨ ᠠᠵᠢᠯᠯᠠᠭ ᠠ ᠶ᠋ᠢ ᠳᠡᠮᠵᠢᢈᠦ᠂ ᠤᠷᠮᠠᠰᠢᠭᠤᠯᠬᠤ;

᠑᠙᠂᠑᠂᠙᠂ᠵᠠᠯᠠᠭᠤᠴᠤᠳ ᠤ᠋ᠨ ᠮᠡᠳᠡᢉᠡᠯᠡᠯ ᠦ᠋ᠨ ᠰᠠᠩ ᠢ᠋ ᠪᠦᠷᠢᠳᠦᢉᠦᠯᠵᠦ᠂ ᢈᠦᠲᠦᠯᢈᠦ;

᠑᠙᠂᠑᠂᠑᠐᠂ᠠᠶᠢᠮᠠᠭ᠂ ᠰᠤᠮᠤ᠂ ᠳᠡᢉᠦᠷᢉᠡ ᠳ᠋ᠡᢈᠢ ᠲᠥᠪ ᠦ᠋ᠨ ᢈᠡᠷᠡᢉᠵᠢᢉᠦᠯᢈᠦ ᠡᠨᠡ

ᠬᠠᠤᠯᠢ ᠶ᠋ᠢᠨ ᠒᠐᠂᠒᠆ ᠲᠤ ᠵᠢᠭᠠᠭᠰᠠᠨ ᠴᠢᢉ ᠡᢉᠦᠷᢉᠡ ᠶ᠋ᠢ ᢉᠡᠷ ᠡ ᠶ᠋ᠢᠨ ᠦᠨᠳᠦᠰᠦᠨ ᠳᠡᢉᠡᠷ ᠡ ᢉᠦᠢᠴᠡᠳᢈᠡᢈᠦ

ᠵᠠᠯᠠᠭᠤᠴᠤᠳ ᠤ᠋ᠨ ᠢᠷᢉᠡᠨ ᠦ᠋ ᠨᠶᠢᢉᠡᠮ ᠤ᠋ᠨ ᠪᠠᠶᠢᠭᠤᠯᠤᠯᠭ ᠠ ᠶ᠋ᠢ ᠮᠠᠭᠠᠳᠯᠠᠨ ᠢᠲᠡᢉᠡᠮᠵᠢᠯᠡᢈᠦ᠂ ᠮᠡᠷᢉᠡᠵᠢᠯ᠂ ᠠᠷᠭ ᠠ

ᠵᠦᠢ ᠶ᠋ᠢᠨ ᠨᠢᢉᠡᠳᠦᢉᠰᠡᠨ ᠤᠳᠤᠷᠢᠳᠤᠯᠭ ᠠ ᠪᠠᠷ ᠬᠠᠩᠭᠠᠬᠤ;

᠑᠙᠂᠑᠂᠑᠑᠂ᠡᠨᠡ ᠬᠠᠤᠯᠢ ᠶ᠋ᠢᠨ ᠑᠙᠂᠑᠆ᠳ᠋ᠦ ᠵᠢᠭᠠᠭᠰᠠᠨ ᠵᠠᠷᠢᠮ ᠴᠢᢉ ᠡᢉᠦᠷᢉᠡ ᠶ᠋ᠢ

ᢉᠡᠷ ᠡ ᠶ᠋ᠢᠨ ᠦᠨᠳᠦᠰᠦᠨ ᠳᠡᢉᠡᠷ ᠡ ᢉᠦᠶᠢᠴᠡᠳᢈᠡᢈᠦ ᠵᠠᠯᠠᠭᠤᠴᠤᠳ ᠤ᠋ᠨ ᠢᠷᢉᠡᠨ ᠦ᠋ ᠨᠡᠶᠢᢉᠡᠮ ᠦ᠋ᠨ ᠪᠠᠶᠢᠭᠤᠯᠤᠯᠭ ᠠ ᠶ᠋ᠢ

ᠮᠠᠭᠠᠳᠯᠠᠨ ᠢᠲᠡᢉᠡᠮᠵᠢᠯᠡᢈᠦ ᠵᠢᠷᠤᠮ ᠢ᠋ ᠪᠠᠲᠤᠯᠠᠬᠤ᠃»

Moehgo& Folo_ oa HeolI

᠒ ᠳ᠋ᠤᠭᠠᠷ ᠵᠦᠶᠢᠯ᠃ᠵᠠᠯᠠᠭᠤᠴᠤᠳ ᠤ᠋ᠨ ᢈᠦᢉᠵᠢᠯ ᠢ᠋ ᠳᠡᠮᠵᠢᢈᠦ ᠲᠤᠬᠠᠢ ᠬᠠᠤᠯᠢ ᠶ᠋ᠢᠨ ᠒᠐ ᠳ᠋ᠤᠭᠠᠷ ᠵᠦᠢᠯ ᠢ᠋ ᠳᠣᠣᠷ ᠠ ᠳᠤᠷᠠᠳᠤᠭᠰᠠᠨ ᠢ᠋ᠶᠠᠷ ᠥᢉᠡᠷᠡᠴᠢᠯᠡᠨ

ᠨᠠᠶᠢᠷᠠᠭᠤᠯᠰᠤᠭᠠᠢ:

« ᠒᠐ ᠳ᠋ᠤᠭᠠᠷ ᠵᠦᠶᠢᠯ᠃ ᠵᠠᠯᠠᠭᠤᠴᠤᠳ ᠤ᠋ᠨ ᢈᠦᢉᠵᠢᠯ ᠢ᠋ ᠳᠡᠮᠵᠢᢈᠦ ᠲᠥᠪ ᠦ᠋ᠨ ᠴᠢᢉ ᠡᢉᠦᠷᢉᠡ

᠒᠐᠂᠑᠂ᠣᠷᠤᠨ ᠨᠤᠲᠤᠭ ᠲᠤ ᠵᠠᠯᠠᠭᠤᠴᠤᠳ ᠲᠤ ᠤᠶᠢᠯᠡᠴᠢᠯᠡᢉᠡ ᠦᠵᠡᢉᠦᠯᢈᠦ ᠵᠠᠯᠠᠭᠤᠴᠤᠳ ᠤ᠋ᠨ ᢈᠦᢉᠵᠢᠯ ᠦ᠋ᠨ ᠲᠥᠪ ᠢ᠋ ᠠᠵᠢᠯᠯᠠᠭᠤᠯᠤᠨ ᠠ᠃ ᠵᠠᠯᠠᠭᠤᠴᠤᠳ ᠤ᠋ᠨ

ᢈᠦᢉᠵᠢᠯ ᠦ᠋ᠨ ᠲᠥᠪ ᠦ᠋ᠨ ᠳᠦᠷᠢᠮ ᠢ᠋ ᠵᠠᠯᠠᠭᠤᠴᠤᠳ ᠤ᠋ᠨ ᠠᠰᠠᠭᠤᠳᠠᠯ ᠡᠷᢈᠢᠯᠡᢉᠰᠡᠨ ᠵᠠᠰᠠᠭ ᠤ᠋ᠨ ᠭᠠᠵᠠᠷ ᠤ᠋ᠨ ᢉᠡᠰᠢᢉᠦᠨ ᠪᠠᠲᠤᠯᠠᠨ ᠠ᠃

᠒᠐᠂᠒᠂ ᠵᠠᠯᠠᠭᠤᠴᠤᠳ ᠤ᠋ᠨ ᢈᠦᢉᠵᠢᠯ ᠦ᠋ᠨ ᠲᠥᠪ ᠳᠠᠷᠠᠭᠠᢈᠢ ᠴᠢᢉ ᠡᢉᠦᠷᢉᠡ ᠶ᠋ᠢ ᢈᠡᠷᠡᢉᠵᠢᢉᠦᠯᠦᠨ ᠡ:

᠒᠐᠂᠒᠂᠑᠂ ᠵᠠᠯᠠᠭᠤᠴᠤᠳ ᠲᠣ ᠠᠮᠢᠳᠤᠷᠠᠬᠤ ᠤᠬᠠᠭᠠᠨ ᠤ᠋ ᠴᠢᠳᠠᠪᠣᠷᠢ ᠡᠵᠡᠮᠰᠢᢉᠦᠯᢈᠦ ᠰᠤᠷᠭᠠᠯᠲᠠ ᠶᠠᠪᠣᠭᠤᠯᠬᠤ;

᠒᠐᠂᠒᠂᠒᠂ᠵᠠᠯᠠᠭᠤᠴᠤᠳ ᠤ᠋ᠨ ᠡᠷᢈᠡ ᠠᠰᠢᠭ ᠢ᠋ ᢈᠦᠨᠳᠡᢉᠰᠡᠨ ᠠᠯᠢᠪᠠ ᠠᠰᠠᠭᠤᠳᠠᠯ ᠢ᠋ᠶᠠᠷ ᠰᠢᠢᠳᠪᠣᠷᠢ ᠭᠠᠷᠭᠠᠬᠤ ᠲᠠᠢ ᠬᠣᠯᠪᠣᠭᠡᠳᠡᠢ ᠰᠠᠨᠠᠯ ᠢ᠋ᠶᠠᠨ

ᠬᠣᠯᠪᠣᠭᠳᠠᠬᠤ ᠲᠥᠷᠦ ᠶ᠋ᠢᠨ ᠪᠠᠶᠢᠭᠤᠯᠤᠯᠭ ᠠ ᠳ᠋ᠤ ᢈᠦᠷᢈᠡᢉᠦᠯᢈᠦ᠂ ᠮᠡᠳᠡᢉᠡᠯᠡᠯ ᠢ᠋ᠶᠡᠷ ᠬᠠᠩᠭᠠᠬᠤ;

᠒᠐᠂᠒᠂᠓᠂ᠵᠠᠯᠠᠭᠤᠴᠤᠳ ᠤ᠋ᠨ ᢈᠦᠰᠡᠯ᠂ ᠰᠣᠨᠢᠷᠬᠠᠯ᠂ ᠡᠷᠢᠯᠲᠡ᠂ ᢈᠡᠷᠡᢉᠴᠡᢉᠡᠨ ᠳ᠋ᠦ ᠲᠤᠯᠭᠠᠭᠤᠷᠢᠯᠠᠭᠰᠠᠨ ᠰᠣᠨᠢᠷᠬᠠᠯ ᠤ᠋ᠨ ᠪᠦᠯᠦᢉ ᠦ᠋ᠨ ᠤᠶᠢᠯᠡ

ᠠᠵᠢᠯᠯᠠᠭ ᠠ ᠶ᠋ᠢ ᠳᠡᠮᠵᠢᢈᠦ;

᠒᠐᠂᠒᠂᠔᠂ᠵᠠᠯᠠᠭᠤᠴᠤᠳ ᠢ᠋ ᠬᠠᠤᠯᠢ ᠵᠦᠢ ᠶ᠋ᠢᠨ ᠲᠤᠰᠠᠯᠠᠯᠴᠠᠭ ᠠ ᠪᠣᠯᠤᠨ ᠡᠷᠡᢉᠦᠯ ᠮᠡᠨᠳᠦ ᠶ᠋ᠢᠨ ᠲᠤᠰᠠᠯᠠᠮᠵᠢ᠂ ᠤᠶᠢᠯᠡᠴᠢᠯᠡᢉᠡᠨ ᠳ᠋ᠦ ᠬᠣᠯᠪᠣᠨ

ᠵᠠᠭᠤᠴᠢᠯᠠᠬᠤ;

᠒᠐᠂᠒᠂᠕᠂ᢉᠡᠷ ᠪᠦᠯᠢ ᠲᠥᠯᠦᠪᠯᠡᠯᠲᠡ᠂ ᢉᠡᠷ ᠪᠦᠯᠢ ᠶ᠋ᠢᠨ ᠬᠠᠷᠢᠯᠴᠠᠭ ᠠ᠂ ᠲᠤᠯᠭᠠᠮᠳᠠᠭᠰᠠᠨ ᠪᠠᠷᢈᠡᠰᠢᠶᠡᠯ ᠢ᠋ ᠳᠠᠪᠠᠨ ᠲᠤᠭᠤᠯᠬᠤ ᠲᠠᠯ ᠡ ᠪᠠᠷ

ᠵᠠᠯᠠᠭᠤᠴᠤᠳ ᠲᠤ ᠰᠤᠷᠭᠠᠯᠲᠠ ᠶᠠᠪᠣᠭᠤᠯᠬᠤ᠂ ᠰᠡᠳᢈᠢᠯ ᠵᠦᠢ ᠶ᠋ᠢᠨ ᠳᠡᠮᠵᠢᠯᢉᠡ ᠦᠵᠡᢉᠦᠯᢈᠦ;

᠒᠐᠂᠒᠂᠖᠂ᠵᠣᠷᠢᠯᠲᠠᠲᠤ ᠪᠦᠯᠦᢉ ᠦ᠋ᠨ ᠵᠠᠯᠠᠭᠤᠴᠤᠳ ᠢ᠋ ᢈᠦᠳᠡᠯᠮᠦᠷᠢ ᠡᠷᢈᠢᠯᠡᠯᠲᠡ ᠶ᠋ᠢᠨ ᠦᠢᠯᠡᠴᠢᠯᠡᢉᠡ᠂ ᠮᠡᠳᠡᢉᠡᠯᠡᠯ ᠢ᠋ᠶᠡᠷ ᠬᠠᠩᠭᠠᠵᠤ᠂ ᠠᠵᠢᠯ ᠳ᠋ᠤ

ᠵᠠᠭᠤᠴᠢᠯᠠᠬᠤ;

᠒᠐᠂᠒᠂᠗᠂ᠵᠠᠯᠠᠭᠤᠴᠤᠳ ᠢ᠋ ᠭᠡᠷᠣᠭ ᠡ ᠶ᠋ᠢᠨ ᠻᠣᠮᠫᠠᠨᠢ ᠡᠷᢈᠢᠯᠡᢈᠦ ᠶ᠋ᠢ ᠳᠡᠮᠵᠢᢈᠦ ᠴᠢᢉᠯᠡᠯ ᠢ᠋ᠶᠡᠷ ᠣᠷᠤᠨ ᠨᠤᠲᠤᠭ ᠤ᠋ᠨ ᢈᠦᠳᠡᠯᠮᠦᠷᠢ ᠡᠷᢈᠢᠯᠡᠯᠲᠡ ᠶ᠋ᠢᠨ

ᠠᠰᠠᠭᠤᠳᠠᠯ ᠬᠠᠷᠢᠭᠤᠴᠠᠭᠰᠠᠨ ᠲᠥᠷᠦ ᠶ᠋ᠢᠨ ᠪᠠᠶᠢᠭᠤᠯᠤᠯᠭ ᠠ ᠲᠠᠢ ᠬᠠᠮᠲᠤᠷᠠᠨ ᠠᠵᠢᠯᠯᠠᠬᠤ;

᠒᠐᠂᠒᠂᠘᠂ᠬᠠᠤᠯᠢ ᠲᠣᠭᠲᠠᠭᠠᠮᠵᠢ ᠳ᠋ᠤ ᠵᠢᠭᠠᠭᠰᠠᠨ ᠪᠣᠰᠤᠳ᠃

᠒᠐᠂᠓᠂ᠡᠨᠡ ᠬᠠᠤᠯᠢ ᠶ᠋ᠢᠨ ᠒᠐᠂᠒᠆ ᠲᠤ ᠵᠢᠭᠠᠭᠰᠠᠨ ᠴᠢᢉ ᠡᢉᠦᠷᢉᠡ ᠶ᠋ᠢ ᠮᠠᠭᠠᠳᠯᠠᠨ ᠢᠲᠡᢉᠡᠮᠵᠢᠯᠡᢉᠳᠡᢉᠰᠡᠨ ᠵᠠᠯᠠᠭᠤᠴᠤᠳ ᠤ᠋ᠨ ᠡᠷᢈᠡ᠂ ᠬᠠᠤᠯᠢ ᠶᠣᠰᠤᠨ ᠤ᠋

ᠠᠰᠢᠭ ᠰᠣᠨᠢᠷᠬᠠᠯ ᠢ᠋ ᠲᠥᠯᠦᢉᠡᠯᠡᠨ ᠬᠠᠮᠠᠭᠠᠯᠠᠬᠤ ᠵᠠᠯᠠᠭᠤᠴᠤᠳ ᠤ᠋ᠨ ᠢᠷᢉᠡᠨ ᠦ᠋ ᠨᠡᠶᠢᢉᠡᠮ ᠦ᠋ᠨ ᠪᠠᠶᠢᠭᠤᠯᠤᠯᠭ ᠠ ᠪᠠᠷ ᢉᠡᠷ ᠡ ᠶ᠋ᠢᠨ ᠦᠨᠳᠦᠰᠦᠨ ᠳᠡᢉᠡᠷ ᠡ ᢉᠦᠶᠢᠴᠡᠳᢈᠡᢉᠦᠯᠵᠦ

ᠪᠣᠯᠤᠨ ᠠ᠃

᠒᠐᠂᠔᠂ᠵᠠᠯᠠᠭᠤᠴᠤᠳ ᠤ᠋ᠨ ᢈᠦᢉᠵᠢᠯ ᠦ᠋ᠨ ᠲᠥᠪ ᠦ᠋ᠨ ᠦᠢᠯᠡ ᠠᠵᠢᠯᠯᠠᠭᠠᠨ ᠤ᠋ ᠵᠠᠷᠤᠳᠠᠯ ᠢ᠋ ᠤᠯᠤᠰ ᠤ᠋ᠨ ᠪᠣᠯᠤᠨ ᠣᠷᠤᠨ ᠨᠤᠲᠤᠭ ᠤ᠋ᠨ ᠲᠥᠰᠦᠪ ᠡᠴᠡ

ᠰᠠᠩᢈᠦᠵᠢᢉᠦᠯᠦᠨ ᠡ᠃»

᠓ ᠳ᠋ᠤᠭᠠᠷ ᠵᠦᠶᠢᠯ᠃ᠵᠠᠯᠠᠭᠤᠴᠤᠳ ᠤ᠋ᠨ ᢈᠦᢉᠵᠢᠯ ᠢ᠋ ᠳᠡᠮᠵᠢᢈᠦ ᠲᠤᠬᠠᠢ ᠬᠠᠤᠯᠢ ᠶ᠋ᠢᠨ ᠘ ᠳ᠋ᠤᠭᠠᠷ ᠵᠦᠢᠯ ᠦ᠋ᠨ ᠘᠂᠖ ᠳ᠋ᠠᢈᠢ ᢈᠡᠰᠡᢉ ᠦ᠋ᠨ᠂ ᠙ ᠳ᠋ᠤᢉᠡᠷ ᠵᠦᠶᠢᠯ ᠦ᠋ᠨ

᠙᠂᠘ ᠳ᠋ᠠᢈᠢ ᢈᠡᠰᠡᢉ ᠦ᠋ᠨ « ᠵᠠᠯᠠᠭᠤᠴᠤᠳ ᠤ᠋ᠨ ᢈᠦᢉᠵᠢᠯ ᠢ᠋ ᠳᠡᠮᠵᠢᢈᠦ ᠰᠠᠩ ᠡᠴᠠ » ᢉᠡᠰᠡᠨ ᠢ᠋ « ᠵᠠᠰᠠᠭ ᠤ᠋ᠨ ᠭᠠᠵᠠᠷ ᠤ᠋ᠨ ᠬᠣᠯᠪᠣᠭᠳᠠᠬᠤ ᠲᠤᠰᠬᠠᠢ ᠰᠠᠩ ᠡᠴᠠ »

ᢉᠡᠵᠦ᠂ ᠑᠑ ᠳ᠋ᠤᢉᠡᠷ ᠵᠦᠶᠢᠯ ᠦ᠋ᠨ ᠑᠑᠂᠑᠂᠑ ᠳ᠋ᠡᢈᠢ ᠵᠢᠭᠠᠯᠲᠠ ᠶ᠋ᠢᠨ « ᢈᠦᠳᠡᠯᠮᠦᠷᠢ ᠶ᠋ᠢᠨ ᠪᠣᠯᠤᠨ ᠵᠠᠯᠠᠭᠤᠴᠤᠳ ᠤ᠋ᠨ ᠠᠰᠠᠭᠤᠳᠠᠯ ᠡᠷᢈᠢᠯᠡᢉᠰᠡᠨ ᠲᠥᠷᠦ ᠶ᠋ᠢᠨ ᠵᠠᢈᠢᠷᠭᠠᠨ ᠤ᠋

ᠪᠠᠶᠢᠭᠤᠯᠤᠯᠭ ᠠ ᠬᠠᠮᠲᠤᠷᠠᠨ » ᢉᠡᠰᠡᠨ ᠢ᠋ « ᢈᠦᠳᠡᠯᠮᠦᠷᠢ ᠶ᠋ᠢᠨ ᠠᠰᠠᠭᠤᠳᠠᠯ ᠡᠷᢈᠢᠯᠡᢉᠰᠡᠨ ᠲᠥᠷᠦ ᠶ᠋ᠢᠨ ᠵᠠᢈᠢᠷᠭᠠᠨ ᠤ᠋ ᠪᠠᠶᠢᠭᠤᠯᠤᠯᠭ ᠠ » ᢉᠡᠵᠦ᠂ ᠑᠕ ᠳ᠋ᠤᠭᠠᠷ ᠵᠦᠶᠢᠯ ᠦ᠋ᠨ ᠑᠕᠂᠑

ᠳ᠋ᠡᢈᠢ ᢈᠡᠰᠡᢉ ᠦ᠋ᠨ « ᠲᠥᠷᠦ ᠶ᠋ᠢᠨ ᠵᠠᢈᠢᠷᠭᠠᠨ ᠤ᠋ ᠪᠠᠶᠢᠭᠤᠯᠤᠯᠭ ᠠ » ᢉᠡᠰᠡᠨ ᠢ᠋ « ᠲᠥᠷᠦ ᠶ᠋ᠢᠨ ᠵᠠᢈᠢᠷᠭᠠᠨ ᠤ᠋ ᠲᠥᠪ ᠪᠠᠶᠢᠭᠤᠯᠤᠯᠭ ᠠ » ᢉᠡᠵᠦ᠂ ᠑᠕᠂᠒ ᠳ᠋ᠠᢈᠢ ᢈᠡᠰᠡᢉ ᠦ᠋ᠨ

« ᠲᠥᠪ ᠪᠠᠶᠢᠭᠤᠯᠤᠯᠭ ᠠ ᠪᠠᠲᠤᠯᠠᠵᠤ᠂ ᠵᠠᠯᠠᠭᠤᠴᠤᠳ ᠤ᠋ᠨ ᠠᠰᠠᠭᠤᠳᠠᠯ ᠡᠷᢈᠢᠯᠡᢉᠰᠡᠨ ᠲᠥᠷᠦ ᠶ᠋ᠢᠨ ᠵᠠᢈᠢᠷᠭᠠᠨ ᠤ᠋ ᠪᠠᠶᠢᠭᠤᠯᠤᠯᠭ ᠠ ᢈᠡᠷᠡᢉᠵᠢᢉᠦᠯᠦᠨ ᠡ᠃» ᢉᠡᠰᠡᠨ ᠢ᠋ « ᠲᠥᠪ

ᠪᠠᠶᠢᠭᠤᠯᠤᠯᠭ ᠠ ᠪᠠᠲᠤᠯᠠᠨ ᠠ᠃» ᢉᠡᠵᠦ᠂ ᠑᠙ ᠳ᠋ᠤᢉᠡᠷ ᠵᠦᠶᠢᠯ ᠦ᠋ᠨ « ᠑᠙᠂᠑᠂᠖ » ᠳ᠋ᠠᢈᠢ ᠵᠢᠭᠠᠯᠲᠠ ᠶ᠋ᠢᠨ ᠳ᠋ᠤᠭᠠᠷ ᠢ᠋ « ᠑᠙᠂᠑᠂᠑᠒ » ᢉᠡᠵᠦ ᠲᠤᠰ ᠲᠤᠰ ᠥᢉᠡᠷᠡᠴᠢᠯᠡᠰᠦᢉᠡᠢ᠃

᠔ ᠳ᠋ᠤᢉᠡᠷ ᠵᠦᠶᠢᠯ᠃ᠵᠠᠯᠠᠭᠤᠴᠤᠳ ᠤ᠋ᠨ ᢈᠦᢉᠵᠢᠯ ᠢ᠋ ᠳᠡᠮᠵᠢᢈᠦ ᠲᠤᠬᠠᠢ ᠬᠠᠤᠯᠢ ᠶ᠋ᠢᠨ ᠔ ᠳ᠋ᠤᢉᠡᠷ ᠵᠦᠶᠢᠯ ᠦ᠋ᠨ ᠔᠂᠑᠂᠙ ᠳ᠋ᠡᢈᠢ ᠵᠢᠭᠠᠯᠲᠠ᠂ ᠲᠠᠪᠣᠳᠤᠭᠠᠷ ᠪᠦᠯᠦᢉ ᠢ᠋

ᠲᠤᠰ ᠲᠤᠰ ᢈᠦᠴᠦᠨ ᠦᢉᠡᠢ ᠪᠣᠯᠤᠭᠰᠠᠨ ᠳ᠋ᠤ ᠲᠣᠭᠠᠴᠠᠰᠤᠭᠠᠢ᠃

᠕ ᠳ᠋ᠤᠭᠠᠷ ᠵᠦᠶᠢᠯ᠃ᠡᠨᠡ ᠬᠠᠤᠯᠢ ᠶ᠋ᠢ ᠒᠐᠒᠓ ᠣᠨ ᠤ᠋ ᠐᠗ ᠳ᠋ᠤᠭᠠᠷ ᠰᠠᠷ ᠠ ᠶ᠋ᠢᠨ ᠐᠑᠆ ᠤ᠋ ᠡᠳᠦᠷ ᠡᠴᠡ ᠡᢈᠢᠯᠡᠨ ᠳᠠᠭᠠᠵᠤ ᠮᠥᠷᠳᠡᠨ ᠡ᠃

ᠮᠣᠩᠭᠤᠯ ᠤᠯᠤᠰ ᠤ᠋ᠨ

ᠶᠡᢈᠡ ᠬᠤᠷᠠᠯ ᠤ᠋ᠨ ᠳᠠᠷᠤᠭ ᠠ ᠭᠣ ᠂ᠽᠠᠨᠳᠠᠨᠰᠢᠲᠠᠷ ᠠ

Төрийн мэдээлэл · 2023 · № 25 (1273)1651–1655-р хуудас