Улсын тэмдэгтийн хураамжийн тухай хуульд нэмэлт, өөрчлөлт оруулах тухай
2023 оны 05 дугаар Улаанбаатар
сарын 04-ний өдөр хот
1 дүгээр зүйл.Улсын тэмдэгтийн хураамжийн тухай хуулийн 29
дүгээр зүйлд доор дурдсан агуулгатай 29.1.12 дахь заалт нэмсүгэй:
“29.1.12.улсын тусгай хамгаалалттай газар нутгаас бусад
газарт байрлах отоглох цэгээр үйлчлүүлэхэд нэг хүн 3 000-10 000 төгрөг, нэг автомашин 5 000-10 000 төгрөг.”
2 дугаар зүйл.Улсын тэмдэгтийн хураамжийн тухай хуулийн
6 дугаар зүйлийн 6.3 дахь хэсгийн “35.1.4” гэсний өмнө “29.1.12,” гэж нэмсүгэй.
3 дугаар зүйл.Улсын тэмдэгтийн хураамжийн тухай хуулийн
6 дугаар зүйлийн 6.2 дахь хэсгийн “29 дүгээр зүйл” гэснийг “29 дүгээр зүйлийн 29.1.1, 29.1.2, 29.1.3, 29.1.4, 29.1.5, 29.1.6, 29.1.7, 29.1.8, 29.1.9, 29.1.10, 29.1.11 дэх заалт” гэж, 29 дүгээр зүйлийн гарчиг, мөн зүйлийн 29.1 дэх хэсгийн “зөвшөөрөл олгоход” гэснийг “зөвшөөрөл олгох, сунгахад” гэж тус тус өөрчилсүгэй.
4 дүгээр зүйл.Энэ хуулийг Аялал жуулчлалын тухай хууль
/Шинэчилсэн найруулга/ хүчин төгөлдөр болсон өдрөөс эхлэн дагаж мөрдөнө.
᠒᠐᠒᠓ ᠣᠨ ᠤ᠋ ᠐᠕ ᠳ᠋ᠤᠭᠡᠷ ᠰᠠᠷ ᠠ ᠶ᠋ᠢᠨ ᠐᠔᠆ ᠤ᠋ ᠡᠳᠦᠷ ᠤᠯᠠᠭᠠᠨᠪᠠᠭᠠᠲᠤᠷ ᠬᠣᠲᠠ
ᠤᠯᠤᠰ ᠤ᠋ᠨ ᠲᠡᠮᠳᠡᢉᠲᠦ ᠶ᠋ᠢᠨ ᠬᠤᠷᠢᠶᠠᠮᠵᠢ ᠶ᠋ᠢᠨ
ᠲᠤᠬᠠᠢ ᠬᠠᠤᠯᠢ ᠳ᠋ᠤ ᠨᠡᠮᠡᠯᠲᠡ᠂ ᠥᢉᠡᠷᠡᠴᠢᠯᠡᠯᠲᠡ
ᠣᠷᠤᠭᠤᠯᠬᠤ ᠲᠤᠬᠠᠢ
᠑ ᠳ᠋ᠤᢉᠡᠷ ᠵᠦᠶᠢᠯ᠃ᠤᠯᠤᠰ ᠤ᠋ᠨ ᠲᠡᠮᠳᠡᢉᠲᠦ ᠶ᠋ᠢᠨ ᠬᠤᠷᠢᠶᠠᠮᠵᠢ ᠶ᠋ᠢᠨ ᠲᠤᠬᠠᠢ ᠬᠠᠤᠯᠢ ᠶ᠋ᠢᠨ ᠒᠙ ᠳ᠋ᠦᢉᠡᠷ ᠵᠦᠶᠢᠯ ᠳ᠋ᠦ ᠳᠣᠣᠷ ᠠ ᠳᠤᠷᠠᠳᠤᠭᠰᠠᠨ ᠠᠭᠤᠯᠭ ᠠ ᠲᠠᠢ
᠒᠙᠂᠑᠂᠑᠒ ᠳ᠋ᠠᢈᠢ ᠵᠢᠭᠠᠯᠲᠠ ᠨᠡᠮᠡᠰᠦᢉᠡᠢ:
« ᠒᠙᠂᠑᠂᠑᠒᠂ᠤᠯᠤᠰ ᠤ᠋ᠨ ᠲᠤᠰᠬᠠᠢ ᠬᠠᠮᠠᠭᠠᠯᠠᠯᠲᠠ ᠲᠠᠢ ᠭᠠᠵᠠᠷ ᠨᠤᠲᠤᠭ ᠡᠴᠠ ᠪᠣᠰᠤᠳ ᠭᠠᠵᠠᠷ ᠲᠤ ᠪᠠᠶᠢᠷᠢᠯᠠᠬᠤ ᠣᠲᠤᠭᠯᠠᠬᠤ ᠴᠡᢉ ᠶ᠋ᠢᠡᠷ
ᠤᠶᠢᠯᠡᠴᠢᠯᠡᢉᠦᠯᢈᠦ ᠳ᠋ᠦ ᠨᠢᢉᠡ ᢈᠦᠮᠦᠨ ᠓ ᠐᠐᠐᠆᠑᠐ ᠐᠐᠐ ᠲᠥᢉᠦᠷᠢᢉ᠂ ᠨᠢᢉᠡ ᠠᠦᠲ᠋ᠤᠮᠠᠰᠢᠨ ᠕ ᠐᠐᠐᠆᠑᠐ ᠐᠐᠐ ᠲᠥᢉᠦᠷᠢᢉ᠃»
᠒ ᠳ᠋ᠤᠭᠠᠷ ᠵᠦᠶᠢᠯ᠃ᠤᠯᠤᠰ ᠤ᠋ᠨ ᠲᠡᠮᠳᠡᢉᠲᠦ ᠶ᠋ᠢᠨ ᠬᠤᠷᠢᠶᠠᠮᠵᠢ ᠶ᠋ᠢᠨ ᠲᠤᠬᠠᠢ ᠬᠠᠤᠯᠢ ᠶ᠋ᠢᠨ ᠖ ᠳ᠋ᠤᠭᠠᠷ ᠵᠦᠶᠢᠯ ᠦ᠋ᠨ ᠖᠂᠓ ᠳ᠋ᠠᢈᠢ ᢈᠡᠰᠡᢉ ᠦ᠋ᠨ « ᠓᠕᠂᠑᠂᠔ »
ᢉᠡᠰᠡᠨ ᠦ᠋ ᠡᠮᠦᠨ ᠡ « ᠒᠙᠂᠑᠂᠑᠒᠂ » ᢉᠡᠵᠦ ᠨᠡᠮᠡᠰᠦᢉᠡᠢ᠃
᠓ ᠳ᠋ᠤᠭᠠᠷ ᠵᠦᠶᠢᠯ᠃ᠤᠯᠤᠰ ᠤ᠋ᠨ ᠲᠡᠮᠳᠡᢉᠲᠦ ᠶ᠋ᠢᠨ ᠬᠤᠷᠢᠶᠠᠮᠵᠢ ᠶ᠋ᠢᠨ ᠲᠤᠬᠠᠢ ᠬᠠᠤᠯᠢ ᠶ᠋ᠢᠨ ᠖ ᠳ᠋ᠤᠭᠠᠷ ᠵᠦᠶᠢᠯ ᠦ᠋ᠨ ᠖᠂᠒ ᠳ᠋ᠠᢈᠢ ᢈᠡᠰᠡᢉ ᠦ᠋ᠨ « ᠒᠙ ᠳ᠋ᠤᢉᠡᠷ
ᠵᠦᠶᠢᠯ » ᢉᠡᠰᠡᠨ ᠢ᠋ « ᠒᠙ ᠳ᠋ᠤᢉᠡᠷ ᠵᠦᠶᠢᠯ ᠦ᠋ᠨ ᠒᠙᠂᠑᠂᠑᠂ ᠒᠙᠂᠑᠂᠒᠂ ᠒᠙᠂᠑᠂᠓᠂ ᠒᠙᠂᠑᠂᠔᠂ ᠒᠙᠂᠑᠂᠕᠂ ᠒᠙᠂᠑᠂᠖᠂ ᠒᠙᠂᠑᠂᠗᠂ ᠒᠙᠂᠑᠂᠘᠂ ᠒᠙᠂᠑᠂᠙᠂ ᠒᠙᠂᠑᠂᠑᠐᠂
᠒᠙᠂᠑᠂᠑᠑ ᠳ᠋ᠡᢈᠢ ᠵᠢᠭᠠᠯᠲᠠ » ᢉᠡᠵᠦ᠂ ᠒᠙ ᠳ᠋ᠤᢉᠡᠷ ᠵᠦᠢᠯ ᠦ᠋ᠨ ᠭᠠᠷᠴᠠᠭ᠂ ᠮᠥᠨ ᠵᠦᠶᠢᠯ ᠦ᠋ᠨ ᠒᠙᠂᠑ ᠳ᠋ᠡᢈᠢ ᢈᠡᠰᠡᢉ ᠦ᠋ᠨ « ᠵᠥᠪᠰᠢᠶᠡᠷᠡᠯ ᠣᠯᠭᠣᠬᠣ ᠳ᠋ᠤ» ᢉᠡᠰᠡᠨ ᠢ᠋
« ᠵᠥᠪᠰᠢᠶᠡᠷᠡᠯ ᠣᠯᠭᠣᠬᠣ᠂ ᠰᠤᠩᠭᠠᠬᠤ ᠳ᠋ᠤ» ᢉᠡᠵᠦ ᠲᠤᠰ ᠲᠤᠰ ᠥᢉᠡᠷᠡᠴᠢᠯᠡᠰᠦᢉᠡᠢ᠃
᠔ ᠳ᠋ᠤᢉᠡᠷ ᠵᠦᠶᠢᠯ᠃ᠡᠨᠡ ᠬᠠᠤᠯᠢ ᠶ᠋ᠢ ᠠᠶᠠᠯᠠᠯ ᠵᠢᠭᠤᠯᠴᠢᠯᠠᠯ ᠤ᠋ᠨ ᠲᠤᠬᠠᠢ ᠬᠠᠤᠯᠢ /ᠰᠢᠨᠡᠴᠢᠯᠡᢉᠰᠡᠨ ᠨᠠᠶᠢᠷᠠᠭᠤᠯᠭ ᠠ/ ᢈᠦᠴᠦᠨ ᠲᠡᢉᠦᠯᠳᠡᠷ ᠪᠣᠯᠤᠭᠰᠠᠨ ᠡᠳᠦᠷ ᠡᠴᠡ
ᠡᢈᠢᠯᠡᠨ ᠳᠠᠭᠠᠵᠤ ᠮᠥᠷᠳᠡᠨ ᠡ᠃
ᠮᠣᠩᠭᠤᠯ ᠤᠯᠤᠰ ᠤ᠋ᠨ
ᠶᠡᢈᠡ ᠬᠤᠷᠠᠯ ᠤ᠋ᠨ ᠳᠠᠷᠤᠭ ᠠ ᠭᠣ ᠂ᠽᠠᠨᠳᠠᠨᠰᠢᠲᠠᠷ ᠠ
Moehgo& Folo_ oa HeolI