Нэмэгдсэн өртгийн албан татварын тухай хуульд нэмэлт, өөрчлөлт оруулах тухай
2023 оны 05 дугаар Улаанбаатар
сарын 04-ний өдөр хот
1 дүгээр зүйл.Нэмэгдсэн өртгийн албан татварын тухай хуулийн
15 дугаар зүйлд доор дурдсан агуулгатай дараах хэсэг нэмсүгэй:
1/15 дугаар зүйлийн 15.6 дахь хэсэг:
“15.6.Гадаад улсаас Монгол Улсад 90 хоног хүртэлх хугацаагаар
суралцах, ажил хөдөлмөр эрхлэхээс бусад зорилгоор аялж байгаа гадаадын иргэний хувийн хэрэгцээнд зориулж гаалийн нутаг дэвсгэрээс худалдан авсан бараанд төлсөн албан татварыг 100 хувь буцаан олгоно.”
2/15 дугаар зүйлийн 15.17, 15.18, 15.19 дэх хэсэг:
“15.17.Энэ хуулийн 15.6-д заасан буцаан олголтыг дараах нөхцөл,
шаардлагыг бүрэн хангасан тохиолдолд олгоно:
15.17.1.татварын албаны шаардлагад нийцсэн
бүртгэлийн машин бүхий албан татвар суутган төлөгчөөс бараа худалдан авсан байх;
15.17.2.худалдан авалт цахим төлбөрийн баримтын
системд бүртгэгдсэн байх;
15.17.3.татварын албаны шаардлагад нийцсэн цахим
төлбөрийн баримт авсан байх;
15.17.4.буцаан олголт авах барааны төлбөрийн баримт
дээрх худалдан авалт нь Засгийн газрын баталсан үнийн дүнгээс дээш байх;
15.17.5.барааг худалдан авснаас хойш 90 хоногийн дотор
өөрийн биеэр улсын хилээр авч гарах.
15.18.Энэ хуулийн 15.6-д заасан иргэн олон улсын нисэх
онгоцны буудлын шалган нэвтрүүлэх хэсгээр гарсны дараа албан татвар буцаан авах хүсэлтийг гаргана.
15.19.Энэ хуулийн 15.6-д заасан иргэнд олгох буцаан
олголтын төлбөрийн баримтыг бүртгэх, түүнд хяналт тавих журам, барааны жагсаалт, буцаан олгох татварын хувь хэмжээ, энэ хуулийн 15.17.4-т заасан үнийн дүнг Засгийн газар батална.”
2 дугаар зүйл.Нэмэгдсэн өртгийн албан татварын тухай хуулийн
15 дугаар зүйлийн 15.9 дэх хэсгийн “15.5” гэсний дараа “, 15.6” гэж нэмсүгэй.
3 дугаар зүйл.Нэмэгдсэн өртгийн албан татварын тухай хуулийн
13 дугаар зүйлийн 13.5.14 дэх заалтын “аялал жуулчлалын үйл ажиллагаа эрхэлдэг хуулийн этгээд” гэснийг “тур оператор, аяллын агент” гэж, “бичиг баримтыг нь бүрдүүлэх зэрэг гадаадын жуулчдад үзүүлсэн /тур оператор/ үйлчилгээ” гэснийг “виз авахтай холбогдсон болон аяллын бусад бичиг баримтын бүрдүүлэлт хийх зэрэг гадаадын жуулчинд үзүүлсэн үйлчилгээ” гэж, 15 дугаар зүйлийн 15.7 дахь хэсгийн “15.6-д” гэснийг “15.7, 15.18-д” гэж, мөн зүйлийн 15.6, 15.7, 15.8, 15.9, 15.10, 15.11, 15.12, 15.13, 15.14, 15.15 дахь хэсгийн дугаарыг “15.7, 15.8, 15.9, 15.10, 15.11, 15.12, 15.13, 15.14, 15.15, 15.16” гэж тус тус өөрчилсүгэй.
4 дүгээр зүйл.Энэ хуулийг 2024 оны 01 дүгээр сарын 01-ний
өдрөөс эхлэн дагаж мөрдсүгэй.
᠒᠐᠒᠓ ᠣᠨ ᠤ᠋ ᠐᠕ ᠳ᠋ᠤᠭᠡᠷ ᠰᠠᠷ ᠠ ᠶ᠋ᠢᠨ ᠐᠔᠆ ᠤ᠋ ᠡᠳᠦᠷ ᠤᠯᠠᠭᠠᠨᠪᠠᠭᠠᠲᠤᠷ ᠬᠣᠲᠠ
ᠨᠡᠮᠡᢉᠳᠡᢉᠰᠡᠨ ᠥᠷᠲᠡᢉ ᠦ᠋ᠨ ᠠᠯᠪᠠᠨ ᠲᠠᠲᠠᠪᠣᠷᠢ ᠶ᠋ᠢᠨ
ᠲᠤᠬᠠᠢ ᠬᠠᠤᠯᠢ ᠳ᠋ᠤ ᠨᠡᠮᠡᠯᠲᠡ᠂ ᠥᢉᠡᠷᠡᠴᠢᠯᠡᠯᠲᠡ
ᠣᠷᠤᠭᠤᠯᠬᠤ ᠲᠤᠬᠠᠢ
᠑ ᠳ᠋ᠤᢉᠡᠷ ᠵᠦᠶᠢᠯ᠃ᠨᠡᠮᠡᢉᠳᠡᢉᠰᠡᠨ ᠥᠷᠲᠡᢉ ᠦ᠋ᠨ ᠠᠯᠪᠠᠨ ᠲᠠᠲᠠᠪᠣᠷᠢ ᠶ᠋ᠢᠨ ᠲᠤᠬᠠᠢ
ᠬᠠᠤᠯᠢ ᠶ᠋ᠢᠨ ᠑᠕ ᠳ᠋ᠤᠭᠠᠷ ᠵᠦᠶᠢᠯ ᠳ᠋ᠦ ᠳᠣᠣᠷ ᠠ ᠳᠤᠷᠠᠳᠤᠭᠰᠠᠨ ᠠᠭᠤᠯᠭ ᠠ ᠲᠠᠢ ᠳᠠᠷᠠᠭᠠᢈᠢ
ᢈᠡᠰᠡᢉ ᠨᠡᠮᠡᠰᠦᢉᠡᠢ:
᠑/᠑᠕ ᠳ᠋ᠤᠭᠠᠷ ᠵᠦᠶᠢᠯ ᠦ᠋ᠨ ᠑᠕᠂᠖ ᠳ᠋ᠠᢈᠢ ᢈᠡᠰᠡᢉ:
«᠑᠕᠂᠖᠂ᠭᠠᠳᠠᠭᠠᠳᠤ ᠤᠯᠤᠰ ᠡᠴᠠ ᠮᠣᠩᠭᠣᠯ ᠤᠯᠤᠰ ᠲᠤ ᠙᠐ ᠬᠣᠨᠤᠭ ᢈᠦᠷᠲᠡᠯᠡᢈᠢ
ᠬᠤᠭᠤᠴᠠᠭ ᠠ ᠪᠠᠷ ᠰᠤᠷᠤᠯᠴᠠᠬᠤ᠂ ᠠᠵᠢᠯ ᢈᠦᠳᠡᠯᠮᠦᠷᠢ ᠡᠷᢈᠢᠯᠡᢈᠦ ᠡᠴᠡ ᠪᠣᠰᠤᠳ ᠵᠣᠷᠢᠯᠭ ᠠ ᠪᠠᠷ
ᠠᠶᠠᠯᠠᠵᠤ ᠪᠠᠶᠢᠭ ᠠ ᠭᠠᠳᠠᠭᠠᠳᠤ ᠶ᠋ᠢᠨ ᠢᠷᢉᠡᠨ ᠦ᠋ ᠬᠤᠪᠢ ᠶ᠋ᠢᠨ ᢈᠡᠷᠡᢉᠴᠡᢉᠡᠨ ᠳ᠋ᠦ ᠵᠣᠷᠢᠭᠤᠯᠵᠤ
ᠭᠠᠶᠢᠯᠢ ᠶ᠋ᠢᠨ ᠨᠤᠲᠤᠭ ᠳᠡᠪᠢᠰᢈᠡᠷ ᠡᠴᠡ ᠬᠤᠳᠠᠯᠳᠤᠨ ᠠᠪᠣᠭᠰᠠᠨ ᠪᠠᠷᠠᠭᠠᠨ ᠳ᠋ᠤ ᠲᠥᠯᠦᢉᠰᠡᠨ
ᠠᠯᠪᠠᠨ ᠲᠠᠲᠠᠪᠣᠷᠢ ᠶ᠋ᠢ ᠑᠐᠐ ᠬᠤᠪᠢ ᠪᠣᠴᠠᠭᠠᠨ ᠣᠯᠭᠣᠨ ᠡ᠃»
᠒/᠑᠕ ᠳ᠋ᠤᠭᠠᠷ ᠵᠦᠶᠢᠯ ᠦ᠋ᠨ ᠑᠕᠂᠑᠗᠂ ᠑᠕᠂᠑᠘᠂ ᠑᠕᠂᠑᠙ ᠳ᠋ᠡᢈᠢ ᢈᠡᠰᠡᢉ:
« ᠑᠕᠂᠑᠗᠂ᠡᠨᠡ ᠬᠠᠤᠯᠢ ᠶ᠋ᠢᠨ ᠑᠕᠂᠖ ᠆ ᠳ᠋ᠤ ᠵᠢᠭᠠᠭᠰᠠᠨ ᠪᠣᠴᠠᠭᠠᠨ ᠣᠯᠭᠣᠯᠳᠠ ᠶ᠋ᠢ
ᠳᠠᠷᠠᠭᠠᢈᠢ ᠨᠥᢈᠦᠴᠡᠯ᠂ ᠱᠠᠭᠠᠷᠳᠠᠯᠭ ᠠ ᠶ᠋ᠢ ᠪᠦᠷᠢᠨ ᠬᠠᠩᠭᠠᠭᠰᠠᠨ ᠲᠣᢈᠢᠶᠠᠯᠳᠤᠯ ᠳ᠋ᠤ ᠣᠯᠭᠣᠨ ᠡ:
᠑᠕᠂᠑᠗᠂᠑᠂ᠲᠠᠲᠠᠪᠣᠷᠢ ᠶ᠋ᠢᠨ ᠠᠯᠪᠠᠨ ᠤ᠋ ᠱᠠᠭᠠᠷᠳᠠᠯᠭ ᠠ ᠳ᠋ᠤ
ᠨᠡᠶᠢᠴᠡᢉᠰᠡᠨ ᠪᠦᠷᠢᠳᢈᠡᠯ ᠦ᠋ᠨ ᠮᠠᠱᠢᠨ ᠪᠦᢈᠦᠢ ᠠᠯᠪᠠᠨ ᠲᠠᠲᠠᠪᠣᠷᠢ ᠰᠠᠭᠤᠳᠬᠠᠨ ᠲᠥᠯᠦᢉᠴᠢ ᠡᠴᠡ
ᠪᠠᠷᠠᠭ ᠠ ᠬᠤᠳᠠᠯᠳᠤᠨ ᠠᠪᠣᠭᠰᠠᠨ ᠪᠠᠶᠢᠬᠤ;
᠑᠕᠂᠑᠗᠂᠒᠂ᠬᠤᠳᠠᠯᠳᠤᠨ ᠠᠪᠣᠯᠲᠠ ᠴᠠᢈᠢᠮ ᠲᠥᠯᠦᠪᠣᠷᠢ ᠶ᠋ᠢᠨ
ᠪᠠᠷᠢᠮᠲᠠ ᠶ᠋ᠢᠨ ᠰᠢᠰᠲ᠋ᠧᠮ ᠳ᠋ᠦ ᠪᠦᠷᠢᠳᢈᠡᢉᠳᠡᢉᠰᠡᠨ ᠪᠠᠶᠢᠬᠤ;
Moehgo& Folo_ oa HeolI
᠑᠕᠂᠑᠗᠂᠓᠂ᠲᠠᠲᠠᠪᠣᠷᠢ ᠶ᠋ᠢᠨ ᠠᠯᠪᠠᠨ ᠤ᠋ ᠱᠠᠭᠠᠷᠳᠠᠯᠭ ᠠ ᠳ᠋ᠤ ᠨᠡᠶᠢᠴᠡᢉᠰᠡᠨ ᠴᠠᢈᠢᠮ ᠲᠥᠯᠦᠪᠣᠷᠢ ᠶ᠋ᠢᠨ ᠪᠠᠷᠢᠮᠲᠠ ᠠᠪᠣᠭᠰᠠᠨ ᠪᠠᠶᠢᠬᠤ;
᠑᠕᠂᠑᠗᠂᠔᠂ᠪᠣᠴᠠᠭᠠᠨ ᠣᠯᠭᠤᠯᠲᠠ ᠠᠪᠬᠤ ᠪᠠᠷᠠᠭᠠᠨ ᠤ᠋ ᠲᠥᠯᠦᠪᠣᠷᠢ ᠶ᠋ᠢᠨ ᠪᠠᠷᠢᠮᠲᠠ ᠳᠡᢉᠡᠷᠡᢈᠢ ᠬᠤᠳᠠᠯᠳᠤᠨ ᠠᠪᠣᠯᠲᠠ ᠨᠢ ᠵᠠᠰᠠᠭ ᠤ᠋ᠨ ᠭᠠᠵᠠᠷ ᠤ᠋ᠨ
ᠪᠠᠲᠤᠯᠠᠭᠰᠠᠨ ᠦᠨ ᠡ ᠶ᠋ᠢᠨ ᠳ᠋ᠦᠩ ᠡᠴᠡ ᠳᠡᢉᠡᢉᠰᠢ ᠪᠠᠶᠢᠬᠤ;
᠑᠕᠂᠑᠗᠂᠕᠂ᠪᠠᠷᠠᠭ ᠠ ᠶ᠋ᠢ ᠬᠤᠳᠠᠯᠳᠤᠨ ᠠᠪᠣᠭᠰᠠᠨ ᠡᠴᠠ ᠬᠣᠶᠢᠰᠢ ᠙᠐ ᠬᠣᠨᠤᠭ ᠤ᠋ᠨ ᠳᠣᠲᠤᠷ ᠠ ᠥᠪᠠᠷ ᠦ᠋ᠨ ᠪᠠᠶ ᠡ ᠪᠠᠷ ᠤᠯᠤᠰ ᠤ᠋ᠨ ᢈᠢᠯᠢ ᠪᠠᠷ
ᠠᠪᠴᠤ ᠭᠠᠷᠬᠤ᠃
᠑᠕᠂᠑᠘᠂ᠡᠨᠡ ᠬᠠᠤᠯᠢ ᠶ᠋ᠢᠨ ᠑᠕᠂᠖ ᠆ ᠳ᠋ᠤ ᠵᠢᠭᠠᠭᠰᠠᠨ ᠢᠷᢉᠡᠨ ᠣᠯᠠᠨ ᠤᠯᠤᠰ ᠤ᠋ᠨ ᠨᠢᠰᢈᠦ ᠣᠩᠭᠤᠴᠠᠨ ᠤ᠋ ᠪᠠᠭᠤᠳᠠᠯ ᠤ᠋ᠨ ᠰᠢᠯᠭᠠᠨ ᠨᠡᠪᠲᠡᠷᠡᢉᠦᠯᢈᠦ ᢈᠡᠰᠡᢉ ᠶ᠋ᠢᠡᠷ
ᠭᠠᠷᠤᠭᠰᠠᠨ ᠤ᠋ ᠳᠠᠷᠠᠭ ᠠ ᠠᠯᠪᠠᠨ ᠲᠠᠲᠠᠪᠣᠷᠢ ᠪᠣᠴᠠᠭᠠᠨ ᠠᠪᠬᠤ ᢈᠦᠰᠡᠯᠲᠡ ᠶ᠋ᠢ ᠭᠠᠷᠭᠠᠨ ᠠ᠃
᠑᠕᠂᠑᠙᠂ᠡᠨᠡ ᠬᠠᠤᠯᠢ ᠶ᠋ᠢᠨ ᠑᠕᠂᠖ ᠆ᠳ᠋ᠤ ᠵᠢᠭᠠᠭᠰᠠᠨ ᠢᠷᢉᠡᠨ ᠳ᠋ᠦ ᠣᠯᠭᠤᠬᠤ ᠪᠣᠴᠠᠭᠠᠨ ᠣᠯᠭᠤᠯᠲᠠ ᠶ᠋ᠢᠨ ᠲᠥᠯᠦᠪᠣᠷᠢ ᠶ᠋ᠢᠨ ᠪᠠᠷᠢᠮᠲᠠ ᠶ᠋ᠢ ᠪᠦᠷᠢᠳᢈᠡᢈᠦ᠂
ᠲᠡᢉᠦᠨ ᠳ᠋ᠦ ᢈᠢᠨᠠᠯᠲᠠ ᠲᠠᠯᠪᠢᠬᠤ ᠵᠢᠷᠤᠮ᠂ ᠪᠠᠷᠠᠭᠠᠨ ᠤ᠋ ᠵᠢᠭᠰᠠᠭᠠᠯᠲᠠ᠂ ᠪᠣᠴᠠᠭᠠᠨ ᠣᠯᠭᠣᠬᠣ ᠲᠠᠲᠠᠪᠣᠷᠢ ᠶ᠋ᠢᠨ ᠬᠤᠪᠢ ᢈᠡᠮᠵᠢᠶ ᠡ᠂ ᠡᠨᠡ ᠬᠠᠤᠯᠢ ᠶ᠋ᠢᠨ ᠑᠕᠂᠑᠗᠂᠔᠆ ᠳ᠋ᠤ
ᠵᠢᠭᠠᠭᠰᠠᠨ ᠦᠨ ᠡ ᠶ᠋ᠢᠨ ᠳ᠋ᠦᠩ ᠢ᠋ ᠵᠠᠰᠠᠭ ᠤ᠋ᠨ ᠭᠠᠵᠠᠷ ᠪᠠᠲᠤᠯᠠᠨ ᠠ᠃»
᠒ ᠳ᠋ᠤᠭᠠᠷ ᠵᠦᠶᠢᠯ᠃ᠨᠡᠮᠡᢉᠳᠡᢉᠰᠡᠨ ᠥᠷᠲᠡᢉ ᠦ᠋ᠨ ᠠᠯᠪᠠᠨ ᠲᠠᠲᠠᠪᠣᠷᠢ ᠶ᠋ᠢᠨ ᠲᠤᠬᠠᠢ ᠬᠠᠤᠯᠢ ᠶ᠋ᠢᠨ ᠑᠕ ᠳ᠋ᠤᠭᠠᠷ ᠵᠦᠶᠢᠯ ᠦ᠋ᠨ ᠑᠕᠂᠙ ᠳ᠋ᠡᢈᠢ ᢈᠡᠰᠡᢉ ᠦ᠋ᠨ
« ᠑᠕᠂᠕» ᢉᠡᠰᠡᠨ ᠤ᠋ ᠳᠠᠷᠠᠭ ᠠ « ᠂ ᠑᠕᠂᠖» ᢉᠡᠵᠦ ᠨᠡᠮᠡᠰᠦᢉᠡᠢ᠃
᠓ ᠳ᠋ᠤᠭᠠᠷ ᠵᠦᠶᠢᠯ᠃ᠨᠡᠮᠡᢉᠳᠡᢉᠰᠡᠨ ᠥᠷᠲᠡᢉ ᠦ᠋ᠨ ᠠᠯᠪᠠᠨ ᠲᠠᠲᠠᠪᠣᠷᠢ ᠶ᠋ᠢᠨ ᠲᠤᠬᠠᠢ ᠬᠠᠤᠯᠢ ᠶ᠋ᠢᠨ ᠑᠓ ᠳ᠋ᠤᠭᠠᠷ ᠵᠦᠶᠢᠯ ᠦ᠋ᠨ ᠑᠓᠂᠕᠂᠑᠔ ᠳ᠋ᠡᢈᠢ ᠵᠢᠭᠠᠯᠲᠠ ᠶ᠋ᠢᠨ
« ᠠᠶᠠᠯᠠᠯ ᠵᠢᠭᠤᠯᠴᠢᠯᠠᠯ ᠤ᠋ᠨ ᠤᠶᠢᠯᠡ ᠠᠵᠢᠯᠯᠠᠭ ᠠ ᠡᠷᢈᠢᠯᠡᠳᠡᢉ ᠬᠠᠤᠯᠢ ᠶ᠋ᠢᠨ ᠡᠲᠡᢉᠡᠳ » ᢉᠡᠰᠡᠨ ᠢ᠋ « ᠲᠤᠷ ᠣᠫᠧᠷᠠᠲ᠋ᠤᠷ᠂ ᠠᠶᠠᠯᠠᠯ ᠤ᠋ᠨ ᠠᢉᠧᠨᠲ » ᢉᠡᠵᠦ᠂ « ᠪᠢᠴᠢᢉ
ᠪᠠᠷᠢᠮᠲᠠ ᠶ᠋ᠢ ᠨᠢ ᠪᠦᠷᠢᠳᠦᢉᠦᠯᢈᠦ ᠵᠡᠷᢉᠡ ᠭᠠᠳᠠᠭᠠᠳᠤ ᠶ᠋ᠢᠨ ᠵᠢᠭᠤᠯᠴᠢᠳ ᠲᠤ ᠦᠵᠡᢉᠦᠯᠦᢉᠰᠡᠨ /ᠲᠤᠷ ᠣᠫᠧᠷᠠᠲ᠋ᠤᠷ/ ᠤᠶᠢᠯᠡᠴᠢᠯᠡᢉᠡ» ᢉᠡᠰᠡᠨ ᠢ᠋ « ᠸᠢᠰᠠ ᠠᠪᠬᠤ ᠲᠠᠢ
ᠬᠣᠯᠪᠣᠭᠳᠠᠭᠰᠠᠨ ᠪᠣᠯᠤᠨ ᠠᠶᠠᠯᠠᠯ ᠤ᠋ᠨ ᠪᠣᠰᠤᠳ ᠪᠢᠴᠢᢉ ᠪᠠᠷᠢᠮᠲᠠ ᠶ᠋ᠢᠨ ᠪᠦᠷᠢᠳᠦᢉᠦᠯᠤᠯᠲᠡ ᢈᠢᢈᠦ ᠵᠡᠷᢉᠡ ᠭᠠᠳᠠᠭᠠᠳᠤ ᠶ᠋ᠢᠨ ᠵᠢᠭᠤᠯᠴᠢᠨ ᠳ᠋ᠤ ᠦᠵᠡᢉᠦᠯᠦᢉᠰᠡᠨ ᠤᠶᠢᠯᠡᠴᠢᠯᠡᢉᠡ»
ᢉᠡᠵᠦ᠂ ᠑᠕ ᠳ᠋ᠤᠭᠠᠷ ᠵᠦᠶᠢᠯ ᠦ᠋ᠨ ᠑᠕᠂᠗ ᠳ᠋ᠠᢈᠢ ᢈᠡᠰᠡᢉ ᠦ᠋ᠨ « ᠑᠕᠂᠖᠆ ᠳ᠋ᠤ » ᢉᠡᠰᠡᠨ ᠢ᠋ « ᠑᠕᠂᠗᠂ ᠑᠕᠂᠑᠘ ᠆ᠳ᠋ᠦ» ᢉᠡᠵᠦ᠂ ᠮᠥᠨ ᠵᠦᠢᠯ ᠦ᠋ᠨ ᠑᠕᠂᠖᠂ ᠑᠕᠂᠗᠂
᠑᠕᠂᠙᠂ ᠑᠕᠂᠑᠐᠂ ᠑᠕᠂᠑᠑᠂ ᠑᠕᠂᠑᠒᠂ ᠑᠕᠂᠑᠓᠂ ᠑᠕᠂᠑᠔᠂ ᠑᠕᠂᠑᠕ ᠳ᠋ᠠᢈᠢ ᢈᠡᠰᠡᢉ ᠦ᠋ᠨ ᠳ᠋ᠤᠭᠠᠷ ᠢ᠋ « ᠑᠕᠂᠗᠂ ᠑᠕᠂᠘᠂ ᠑᠕᠂᠙᠂ ᠑᠕᠂᠑᠐᠂ ᠑᠕᠂᠑᠑᠂ ᠑᠕᠂᠑᠒᠂
᠑᠕᠂᠑᠓᠂ ᠑᠕᠂᠑᠔᠂ ᠑᠕᠂᠑᠕᠂ ᠑᠕᠂᠑᠖ » ᢉᠡᠵᠦ ᠲᠤᠰ ᠲᠤᠰ ᠥᢉᠡᠷᠡᠴᠢᠯᠡᠰᠦᢉᠡᠢ᠃
᠔ ᠳ᠋ᠤᢉᠡᠷ ᠵᠦᠶᠢᠯ᠃ᠡᠨᠡ ᠬᠠᠤᠯᠢ ᠶ᠋ᠢ ᠒᠐᠒᠔ ᠣᠨ ᠤ᠋ ᠐᠑ ᠳ᠋ᠤᢉᠡᠷ ᠰᠠᠷ ᠠ ᠶ᠋ᠢᠨ ᠐᠑᠆ ᠤ᠋ ᠡᠳᠦᠷ ᠡᠴᠡ ᠡᢈᠢᠯᠡᠨ ᠳᠠᠭᠠᠵᠤ ᠮᠥᠷᠳᠡᠰᠦᢉᠡᠢ᠃
ᠮᠣᠩᠭᠤᠯ ᠤᠯᠤᠰ ᠤ᠋ᠨ
ᠶᠡᢈᠡ ᠬᠤᠷᠠᠯ ᠤ᠋ᠨ ᠳᠠᠷᠤᠭ ᠠ ᠭᠣ ᠂ᠽᠠᠨᠳᠠᠨᠰᠢᠲᠠᠷ ᠠ